 :        
   162      2018-9-17
         

ᠳᠤᠤᠷ ᠰᠦ᠋ᠯᠵᠢᠶᠡᠨ ᠦ ᠠᠮᠤᠷ ᠳᠦ᠋ᠪᠰᠢᠨ ᠢ ᠬᠠᠮᠠᠭᠠᠯᠠᠬᠤ ᠤᠷᠢᠶᠠᠯᠠᠭ᠎᠎ᠠ ᠶᠢᠨ ᠪᠢᠴᠢᠭ᠌

ᠬᠠᠢᠷᠠᠳ᠋ᠤ ᠰᠤᠷᠤᠭᠴᠢ ᠨᠦ᠋ᠬᠦᠳ ᠡ ᠄

       ᠳᠤᠤᠷ ᠰᠦ᠋ᠯᠵᠢᠶ᠎᠎ᠡ ᠨᠢ ᠨᠡᠭᠡᠭᠡᠯᠳ᠋ᠡᠳ᠋ᠦ ᠮᠡᠳ᠋ᠡᠭᠡ ᠵᠠᠩᠬᠢ ᠶᠢᠨ ᠵᠠᠭᠤᠴᠢᠯᠠᠭᠤᠷ ᠪᠠ ᠬᠠᠷᠢᠯᠴᠭᠠᠨ ᠦ ᠪᠠᠭᠠᠵᠢ ᠶᠢᠨ ᠬᠤᠪᠢ ᠪᠠᠷ ᠪᠢᠳ᠋ᠡᠨ ᠦ ᠠᠮᠢᠳ᠋ᠤᠷᠠᠯ ᠳ᠋ᠤ ᠬᠦᠷᠴᠦ ᠢᠷᠡᠭ᠍ᠰᠡᠨ ᠃ ᠡᠭᠦᠨ ᠢ ᠳᠠᠭᠠᠯᠳ᠋ᠤᠨ ᠨᠢᠭᠡ ᠪᠦᠯᠦᠭ᠌ ᠰᠦ᠋ᠯᠵᠢᠶᠡᠨ ᠦ ᠠᠰᠠᠭᠤᠳ᠋ᠠᠯ ᠴᠦ ᠪᠤᠢ ᠪᠤᠯᠵᠤ ᠪᠠᠢᠨ᠎᠎ᠠ ᠃ ᠰᠦ᠋ᠯᠵᠢᠶᠡᠨ ᠦ ᠠᠮᠤᠷ ᠳᠦ᠋ᠪᠰᠢᠨ ᠨᠢ ᠤᠯᠤᠰ ᠤᠨ ᠠᠮᠤᠷ ᠳᠤᠭᠳ᠋ᠠᠭᠤᠨ ᠂ ᠡᠷᠬᠡ ᠮᠡᠳ᠋ᠡᠯ ᠂ ᠨᠡᠢᠭᠡᠮ ᠤᠨ ᠳᠤᠭᠳ᠋ᠠᠭᠤᠨ ᠪᠠᠢᠳ᠋ᠠᠯ ᠂ ᠦᠨᠳ᠋ᠦᠰᠦᠳ᠋ᠡᠨ ᠦ ᠰᠤᠶᠤᠯ ᠤᠨ ᠵᠠᠯᠭᠠᠮᠵᠢᠯᠠᠯ ᠬᠦᠭᠵᠢᠯ ᠳ᠋ᠤ ᠬᠤᠯᠪᠤᠭᠳ᠋ᠠᠬᠤ ᠠᠰᠠᠭᠤᠳ᠋ᠠᠯ ᠪᠠᠢᠵᠤ ᠂ ᠪᠦᠬᠦ ᠪᠦᠮᠪᠦᠷᠴᠡᠭ᠌ ᠤᠨ ᠰᠤᠷᠠᠭ ᠵᠠᠩᠬᠢᠴᠢᠯᠠᠯᠳ᠋ᠠ ᠶᠢ ᠳᠠᠭᠠᠯᠳ᠋ᠤᠨ ᠤᠯᠠᠮ ᠴᠢᠬᠤᠯᠠ ᠪᠤᠯᠵᠤ ᠪᠠᠢᠭ᠎᠎ᠠ ᠶᠤᠮ ᠃ ᠰᠦ᠋ᠯᠵᠢᠶᠡᠨ ᠦ ᠳᠦ᠋ᠷᠭᠡᠨ ᠬᠦᠭᠵᠢᠯᠳ᠋ᠡ ᠨᠢ ᠪᠢᠳ᠋ᠡᠨ ᠳ᠋ᠤ ᠰᠤᠷᠤᠯᠴᠠᠨ ᠰᠤᠳ᠋ᠤᠯᠬᠤ ᠂ ᠮᠡᠳ᠋ᠡᠭᠡ ᠵᠠᠩᠬᠢ ᠳᠠᠮᠵᠢᠭᠤᠯᠬᠤ ᠦᠷᠭᠡᠨ ᠪᠤᠯᠤᠮᠵᠢ ᠶᠢ ᠬᠠᠩᠭᠠᠭᠰᠠᠨ ᠶᠤᠮ ᠃

      ᠡᠭᠦᠨ ᠦ ᠵᠡᠷᠭᠡᠴᠡᠭᠡ ᠪᠠᠰᠠ ᠡᠷᠡᠭᠦᠯ ᠪᠤᠰᠤ ᠂ ᠠᠮᠤᠷ ᠳᠦ᠋ᠪᠰᠢᠨ ᠪᠤᠰᠤ ᠨᠦ᠋ᠯᠦᠭᠡ ᠶᠢ ᠠᠪᠴᠢᠷᠠᠵᠤ ᠪᠠᠢᠨ᠎᠎ᠠ ᠃ ᠰᠤᠷᠤᠭᠴᠢ ᠨᠦ᠋ᠬᠦᠳ ᠤᠨ ᠠᠮᠤᠷ ᠳᠦ᠋ᠪᠰᠢᠨ ᠦ ᠤᠬᠠᠮᠰᠠᠷ ᠢᠶᠡᠨ ᠳᠡᠭᠡᠭ᠍ᠰᠢᠯᠡᠭᠦᠯᠵᠦ ᠂ ᠪᠦᠬᠦ ᠨᠡᠢᠭᠡᠮ ᠤᠨ ᠡᠶ᠎᠎ᠡ ᠵᠤᠬᠢᠴᠠᠯᠳ᠋ᠠᠢ ᠰᠦ᠋ᠯᠵᠢᠶᠡᠨ ᠦ ᠤᠷᠴᠢᠨ ᠢ ᠪᠤᠢ ᠪᠤᠯᠭᠠᠬᠤ ᠶᠢᠨ ᠳᠦ᠋ᠯᠦᠭᠡ ᠳᠤᠤᠷᠠᠬᠢ ᠬᠡᠳ᠋ᠦᠨ ᠳᠠᠯ᠎ᠠ ᠶᠢ ᠤᠷᠢᠶᠠᠯᠠᠶ᠎᠎ᠠ ᠃

     ᠨᠢᠭᠡ ᠄ ᠭᠤᠷᠪᠠᠨ ᠵᠦ᠋ᠢᠯ ᠤᠨ ᠳᠠᠳᠬᠠᠯ ᠢ ᠪᠤᠢ ᠪᠤᠯᠭᠠᠬᠤ ᠃ ᠠᠮᠤᠷ ᠳᠦ᠋ᠪᠰᠢᠨ ᠪᠤᠰᠤ ᠵᠦ᠋ᠢᠯ ᠢ ᠰᠦ᠋ᠯᠵᠢᠶᠡᠨ ᠡᠴᠡ ᠪᠠᠭᠤᠯᠭᠠᠬᠤ ᠦᠭᠡᠢ ᠂ ᠰᠦ᠋ᠯᠵᠢᠶᠡᠨ ᠳᠠᠩᠰᠠ ᠪᠠ ᠨᠢᠭᠤᠴᠠ ᠨᠤᠮᠸᠷ ᠢᠶᠡᠨ ᠬᠠᠮᠠᠭᠠᠯᠠᠵᠤ ᠂ ᠳᠤᠭᠳ᠋ᠠᠭᠰᠠᠨ ᠬᠤᠭᠤᠴᠠᠭ᠎᠎ᠠ ᠲᠡᠢ ᠪᠠᠷ ᠰᠢᠨ᠋ᠡᠴᠢᠯᠡᠬᠦ ᠬᠡᠷᠡᠭ᠍ᠳ᠋ᠡᠢ ᠃

      ᠬᠤᠶᠠᠷ ᠄ ᠬᠠᠤᠯᠢ ᠶᠢ ᠪᠠᠳ᠋ᠤ ᠪᠠᠷᠢᠮᠳ᠋ᠠᠯᠠᠬᠤ ᠃  ᠤᠯᠤᠰ ᠤᠨ ᠠᠮᠤᠷ ᠳᠤᠭᠳ᠋ᠠᠭᠤᠨ ᠂ ᠦᠨᠳ᠋ᠦᠰᠦᠳ᠋ᠡᠨ ᠦ ᠪᠦᠯᠬᠦᠮᠳ᠋ᠡᠯ ᠳ᠋ᠤ ᠠᠰᠢᠭ ᠦᠭᠡᠢ ᠵᠦ᠋ᠢᠯᠡᠰ ᠢ ᠳᠠᠷᠬᠠᠬᠤ ᠦᠭᠡᠢ ᠂ ᠪᠤᠰᠤᠳ ᠤᠨ ᠬᠠᠤᠯᠢ ᠶᠤᠰᠤᠨ ᠦ ᠡᠷᠬᠡ ᠠᠰᠢᠭ ᠢ ᠬᠠᠮᠠᠭᠠᠯᠠᠵᠤ ᠂ ᠬᠤᠪᠢ ᠶᠢᠨ ᠨᠢᠭᠤᠴᠠ ᠳ᠋ᠤ ᠳᠤᠷ᠎ᠠ ᠪᠠᠷ ᠬᠠᠯᠳ᠋ᠠᠬᠤ ᠦᠭᠡᠢ ᠂ ᠨᠡᠷ᠎ᠡ ᠳᠦ᠋ᠷᠦ ᠂ ᠬᠦᠷᠦᠭ᠌ ᠳᠦ᠋ᠷᠢ ᠶᠢᠨ ᠡᠷᠬᠡ ᠠᠰᠢᠭ ᠲᠦ ᠬᠠᠯᠳ᠋ᠠᠬᠤ ᠦᠭᠡᠢ ᠪᠠᠢᠬᠤ ᠬᠡᠷᠡᠭ᠍ᠳ᠋ᠡᠢ ᠃

      ᠭᠤᠷᠪᠠ ᠄ ᠶᠤᠰᠤ ᠰᠤᠷᠳ᠋ᠠᠬᠤᠨ ᠦ ᠤᠬᠠᠮᠰᠠᠷ ᠢᠶᠡᠨ ᠳᠡᠭᠡᠭ᠍ᠰᠢᠯᠡᠭᠦᠯᠬᠦ ᠃  ᠰᠦ᠋ᠯᠵᠢᠶᠡᠨ ᠳᠡᠭᠡᠷ᠎ᠡ ᠪᠤᠰᠤᠳ ᠢ ᠡᠯᠡᠭᠯᠡᠵᠦ ᠳᠤᠭᠤᠬᠢᠯᠠᠬᠤ ᠦᠭᠡᠢ ᠂ ᠳᠤᠷᠤᠮᠵᠢᠯᠠᠵᠤ ᠭᠤᠳ᠋ᠤᠭᠠᠬᠤ ᠦᠭᠡᠢ ᠂ ᠬᠠᠭᠤᠷᠴᠤ ᠮᠡᠬᠡᠯᠡᠬᠦ ᠦᠭᠡᠢ ᠂ ᠡᠷᠡᠭᠦᠯ ᠪᠤᠰᠤ ᠠᠭᠤᠯᠭ᠎᠎ᠠ ᠲᠡᠢ ᠰᠦ᠋ᠯᠵᠢᠶᠡᠨ ᠨᠢᠭᠤᠷ ᠢ ᠨᠡᠭᠡᠭᠡᠬᠦ ᠦᠭᠡᠢ ᠂ ᠦᠵᠡᠬᠦ ᠦᠭᠡᠢ ᠂ ᠳᠠᠷᠬᠠᠬᠤ ᠦᠭᠡᠢ ᠃

      ᠳᠦ᠋ᠷᠪᠡ ᠄ ᠮᠡᠬᠡᠯᠡᠭ᠍ᠳ᠋ᠡᠬᠦ ᠡᠴᠡ ᠰᠡᠷᠭᠡᠢᠯᠡᠬᠦ ᠬᠡᠷᠡᠭ᠍ᠳ᠋ᠡᠢ ᠃ ᠰᠤᠨ᠋ᠤᠷ ᠰᠡᠷᠡᠮᠵᠢ ᠪᠠᠨ ᠳᠡᠭᠡᠭ᠍ᠰᠢᠯᠡᠭᠦᠯᠵᠦ ᠂ ᠵᠦ᠋ᠭᠡᠷ ᠢᠷᠡᠵᠦ ᠪᠤᠢ ᠵᠦ᠋ᠢᠯᠡᠰ ᠡᠴᠡ ᠰᠡᠷᠭᠡᠢᠯᠡᠵᠦ ᠂ ᠮᠡᠬᠡᠯᠡᠯ ᠢ ᠢᠯᠡᠷᠡᠭᠦᠯᠪᠡᠯ ᠬᠠᠮᠳ᠋ᠤ ᠰᠤᠷᠤᠭᠴᠢᠳ ᠲᠦ ᠪᠠᠨ ᠳᠦ᠋ᠷᠭᠡᠨ ᠳᠠᠮᠵᠢᠭᠤᠯᠵᠤ ᠂ ᠰᠦ᠋ᠯᠵᠢᠶᠡᠨ ᠨᠠᠢᠵᠠ ᠲᠡᠢ ᠳᠤᠷ᠎ᠠ ᠪᠠᠷ ᠠᠭᠤᠯᠵᠠᠬᠤ ᠦᠭᠡᠢ ᠪᠠᠢᠬᠤ ᠬᠡᠷᠡᠭ᠍ᠳ᠋ᠡᠢ ᠃

      ᠳᠠᠪᠤ ᠄ ᠮᠡᠳ᠋ᠡᠭᠡ ᠵᠠᠩᠬᠢ ᠶᠢ ᠤᠶᠤᠨᠯᠢᠭ ᠢᠶᠡᠷ ᠳᠠᠮᠵᠢᠭᠤᠯᠬᠤ ᠃ ᠵᠦ᠋ᠪ ᠡᠨ᠋ᠸᠷᠬᠢ ᠶᠢ ᠳᠠᠮᠵᠢᠭᠤᠯᠵᠤ ᠂ ᠰᠢᠨᠵᠢᠯᠡᠬᠦ ᠤᠬᠠᠭᠠᠨᠴᠢ ᠪᠤᠰᠤ ᠵᠦ᠋ᠢᠯᠡᠰ ᠢ ᠳᠠᠮᠵᠢᠭᠤᠯᠬᠤ ᠦᠭᠡᠢ ᠂ ᠴᠤᠤᠷᠬᠠᠯ ᠢ ᠤᠬᠠᠮᠰᠠᠷ ᠡᠴᠡ ᠪᠠᠨ ᠬᠤᠷᠢᠭᠯᠠᠨ᠎᠎ᠠ ᠃

     ᠵᠢᠷᠭᠤᠭ᠎᠎ᠠ ᠄ ᠰᠦ᠋ᠯᠵᠢᠶᠡᠨ ᠳ᠋ᠤ ᠰᠢᠨ᠋ᠤᠬᠤ ᠡᠴᠡ ᠵᠠᠢᠯᠠᠰᠬᠢᠨ᠎᠎ᠠ ᠃ ᠵᠠᠯᠠᠭᠤ ᠨᠠᠰᠤᠨ ᠦ ᠴᠠᠭ ᠮᠦ᠋ᠴᠡ ᠪᠠᠨ ᠨᠠᠨᠳ᠋ᠢᠩᠨ᠋ᠠᠵᠤ ᠂ ᠬᠢᠴᠢᠶᠡᠯ ᠤᠨ ᠭᠠᠳ᠋ᠠᠭᠤᠷᠬᠢ ᠴᠠᠭ ᠢᠶᠡᠨ ᠳᠤᠬᠢᠷᠠᠭᠤᠯᠵᠤ ᠂ ᠳᠤᠤᠷ ᠰᠦ᠋ᠯᠵᠢᠶᠡᠨ ᠳ᠋ᠤ ᠬᠡᠳ᠋ᠦᠷᠬᠡᠢ ᠶᠡᠬᠡ ᠰᠢᠨ᠋ᠤᠬᠤ ᠡᠴᠡ ᠰᠡᠷᠭᠡᠢᠯᠡᠨ ᠂ ᠰᠦ᠋ᠯᠵᠢᠶᠡᠨ ᠡᠴᠡ ᠪᠤᠯᠵᠤ ᠦᠪᠡᠷ ᠤᠨ ᠰᠤᠷᠤᠯᠭ᠎᠎ᠠ ᠪᠠᠨ ᠬᠠᠷᠰᠢᠯᠠᠵᠤ ᠂ ᠨᠠᠢᠵᠠ ᠨᠦ᠋ᠬᠦᠳ ᠡᠴᠡ ᠪᠠᠨ ᠬᠦᠨᠳ᠋ᠡᠢᠷᠡᠬᠦ ᠡᠴᠡ ᠵᠠᠢᠯᠠᠰᠬᠢᠨ᠎᠎ᠠ ᠃

      ᠵᠦ᠋ᠪ ᠡᠨ᠋ᠸᠷᠬᠢ ᠲᠡᠢ ᠰᠦ᠋ᠯᠵᠢᠶᠡᠨ ᠦ ᠠᠮᠢᠳ᠋ᠤᠷᠠᠯ ᠨᠢ ᠪᠢᠳ᠋ᠡᠨ ᠦ ᠰᠠᠢᠨ ᠰᠠᠢᠬᠠᠨ ᠶᠤᠰᠤ ᠰᠤᠷᠳ᠋ᠠᠬᠤᠨ ᠪᠠ ᠪᠤᠯᠪᠠᠰᠤᠨ ᠰᠤᠷᠳ᠋ᠠᠯ ᠢᠶᠡᠷ ᠪᠦᠳ᠋ᠦᠭᠡᠭ᠍ᠳ᠋ᠡᠵᠦ ᠂ ᠬᠠᠤᠯᠢ ᠴᠠᠭᠠᠵᠠ ᠪᠠ ᠶᠤᠰᠤ ᠰᠤᠷᠳ᠋ᠠᠬᠤᠨ ᠢᠶᠡᠷ ᠬᠠᠮᠠᠭᠠᠯᠠᠭᠳ᠋ᠠᠨ᠎᠎ᠠ ᠃ ᠪᠢᠳ᠋ᠡ ᠪᠦᠬᠦ ᠰᠤᠷᠭᠠᠭᠤᠯᠢ ᠶᠢᠨ ᠪᠠᠭᠰᠢ ᠰᠤᠷᠤᠭᠴᠢᠳ ᠢ ᠰᠦ᠋ᠯᠵᠢᠶ᠎᠎ᠡ ᠶᠢ ᠤᠢᠯᠠᠭᠠᠵᠤ ᠂ ᠰᠢᠨᠵᠢᠯᠡᠬᠦ ᠤᠬᠠᠭᠠᠨᠴᠢ ᠪᠠᠷ ᠬᠡᠷᠡᠭᠯᠡᠵᠦ ᠂ ᠰᠦ᠋ᠯᠵᠢᠶᠡᠨ ᠦ ᠠᠮᠤᠷ ᠳᠦ᠋ᠪᠰᠢᠨ ᠦ ᠤᠬᠠᠮᠰᠠᠷ ᠢᠶᠡᠨ ᠳᠡᠭᠡᠭ᠍ᠰᠢᠯᠡᠭᠦᠯᠵᠦ ᠂ ᠰᠦ᠋ᠯᠵᠢᠶᠡᠨ ᠦ ᠮᠡᠳ᠋ᠡᠭᠡ ᠵᠠᠩᠬᠢ ᠶᠢ ᠢᠯᠭᠠᠨ ᠳᠠᠨ᠋ᠢᠬᠤ ᠴᠢᠳ᠋ᠠᠪᠤᠷᠢ ᠢᠶᠡᠨ ᠳᠡᠭᠦᠯᠳ᠋ᠡᠷᠵᠢᠭᠦᠯᠬᠦ ᠶᠢ ᠤᠷᠢᠶᠠᠯᠠᠵᠤ ᠪᠠᠢᠨ᠎᠎ᠠ ᠃ ᠤᠳ᠋ᠤ ᠡᠴᠡ ᠡᠬᠢᠯᠡᠨ ᠦᠪᠡᠷ ᠢ ᠪᠠᠨ ᠬᠦᠨᠳ᠋ᠦᠳᠬᠡᠨ ᠂ ᠦᠪᠡᠷ ᠢ ᠪᠠᠨ ᠬᠠᠢᠷᠠᠯᠠᠨ ᠂ ᠵᠦ᠋ᠢ ᠵᠤᠬᠢᠰᠳ᠋ᠠᠢ ᠪᠠᠷ ᠰᠦ᠋ᠯᠵᠢᠶᠡᠨ ᠦ ᠡᠬᠢ ᠪᠠᠶᠠᠯᠢᠭ ᠢ ᠠᠰᠢᠭᠯᠠᠵᠠᠭᠠᠶ᠎᠎ᠠ ᠃