>>
 :    
 366    2017-12-5


ᠰᠤᠷᠭᠠᠨ ᠬᠦᠮᠦᠵᠢᠯ ‍ᠤᠨ ᠦᠢᠯᠠᠭᠠᠭᠳᠠᠬᠤᠨ ᠂ ᠰᠤᠷᠭᠠᠭᠤᠯᠢ
ᠶ᠋ᠢᠨ ᠵᠢᠭᠠᠨ ᠰᠤᠷᠭᠠᠯᠳᠠ ᠶ᠋ᠢᠨ ᠶᠠᠰᠤ ᠴᠢᠨᠠᠷ ᠢᠶᠡᠨ ᠤᠯᠠᠮ ᠨᠢᠭᠡ ᠠᠯᠬᠤᠮ ᠳᠡᠭᠡᠭᠰᠢᠯᠡᠭᠦᠯᠭᠦ ᠡᠭᠦᠳᠡᠨ ᠡᠴᠠ
ᠰᠤᠷᠭᠠᠭᠤᠯᠢ ᠶ᠋ᠢᠨ ᠵᠠᠬᠢᠷᠤᠯ ᠱᠤᠸᠠᠩ ᠳᠠᠯᠠᠢ ᠪᠠᠭᠰᠢ ᠶ᠋ᠢᠨ ᠳᠠᠭᠠᠭᠤᠯᠭ᠎ᠠ ᠪᠠᠷ ᠂ ᠮᠠᠨ ‍ᠤ ᠰᠤᠷᠭᠠᠭᠤᠯᠢ
ᠶ᠋ᠢᠨ ᠳᠠᠭᠤᠤ ᠂ ᠵᠢᠷᠤᠭ ᠂ ᠳᠠᠮᠢᠷ ᠂ ᠰᠡᠳᠬᠢᠴᠡ ᠵᠦᠢ ᠶ᠋ᠢᠨ ᠬᠢᠴᠢᠶᠡᠯ ᠲᠦᠷᠦᠯ ‍ᠤᠨ ᠡᠷᠬᠢᠯᠡᠭᠴᠢ ᠬᠢᠭᠡᠳ
ᠬᠤᠰᠢᠭᠤᠨ ‍ᠤ ᠨᠠᠷᠡᠳᠤ ᠪᠠᠭᠰᠢ ᠶ᠋ᠢᠨ ᠠᠯᠪᠠᠨ ᠭᠡᠷ ‍ᠤᠨ ᠪᠠᠭᠰᠢ ᠨᠠᠷ ‍ᠤᠨ ᠬᠠᠮᠳᠤᠷᠠᠨ ᠤᠷᠤᠯᠴᠠᠭᠰᠠᠨ ᠢᠳᠡᠭᠡᠯ
ᠬᠠᠶᠢᠷ᠎ᠠ ᠪᠠᠷ ᠢᠷᠡᠭᠡᠳᠦᠢ ᠪᠠᠨ ᠴᠤᠭᠴᠠᠯᠠᠶ᠎ᠠ
ᠬᠡᠰᠡᠨ ᠭᠤᠤᠯ ᠰᠡᠳᠦᠪᠳᠤ ᠬᠢᠴᠢᠶᠡᠯ ᠰᠤᠨᠤᠰᠴᠤ ᠂ ᠲᠤᠷᠰᠢᠯᠭ᠎ᠠ
ᠪᠠᠨ ᠰᠤᠯᠢᠯᠴᠠᠬᠤ ᠬᠦᠳᠡᠯᠭᠡᠭᠡᠨ ᠠᠮᠵᠢᠯᠳᠠ ᠲᠠᠢ ᠶᠠᠪᠤᠭᠳᠠᠯ᠎ᠠ ᠃ ᠲᠤᠰ ᠤᠳᠠᠭᠠᠨ ‍ᠤ ᠠᠵᠢᠯᠯᠠᠭᠠᠨ ᠳ᠋ᠤ ᠮᠠᠨ ‍ᠤ ᠰᠤᠷᠭᠠᠭᠤᠯᠢ
ᠶ᠋ᠢᠨ ᠬᠢᠨ ᠡᠵᠡᠨ ᠬᠤᠷᠤᠭ᠎ᠠ ᠪᠠᠯᠭᠠᠰᠤᠨ ‍ᠤ ᠮᠤᠩᠭᠤᠯ ᠦᠨᠳᠦᠰᠦᠳᠡᠨ ‍ᠤ ᠬᠡᠤᠬᠡᠳ ‍ᠤᠨ ᠴᠡᠴᠡᠷᠯᠢᠭ ᠲᠤ ᠬᠦᠷᠦᠯᠴᠡᠨ
ᠢᠷᠡᠵᠤ ᠂ ᠲᠤᠨᠠᠯ ᠵᠡᠷᠭᠡ ᠪᠠᠭᠰᠢ ᠶ᠋ᠢᠨ ᠬᠢᠴᠢᠶᠡᠯᠯᠡᠭᠡ ᠶ᠋ᠢ ᠰᠤᠨᠤᠰᠤᠭᠰᠠᠨ ᠶᠤᠮ ᠃ ᠡᠳᠡᠭᠡᠷ ᠪᠠᠭᠰᠢ ᠨᠠᠷ
ᠴᠦᠮ ᠬᠡᠤᠬᠡᠳ ‍ᠤᠨ ᠪᠡᠶᠡᠴᠢᠯᠡᠨ ᠤᠷᠤᠯᠴᠠᠬᠤ ᠶ᠋ᠢ ᠴᠢᠬᠤᠯᠠᠴᠢᠯᠠᠭᠰᠠᠨ ᠡᠴᠠ ᠰᠤᠷᠤᠭᠴᠢᠳ ᠴᠦ ᠪᠠᠭᠰᠢ ᠶ᠋ᠢᠨ ᠢᠶᠡᠨ ᠵᠢᠯᠤᠭᠤᠳᠤᠯᠭ᠎ᠠ ᠳᠤᠤᠷ᠎ᠠ
ᠳᠠᠭᠤᠯᠠᠬᠤ ᠂ ᠪᠦᠵᠢᠭᠯᠡᠬᠦ ᠂ ᠵᠢᠷᠤᠬᠤ ᠵᠢᠴᠢ ᠳᠠᠮᠢᠷ ‍ᠤᠨ ᠬᠦᠳᠡᠯᠭᠡᠭᠡᠨ ᠳ᠋ᠤ ᠴᠦᠮ ᠢᠳᠡᠪᠬᠢᠳᠠᠢ ᠤᠷᠤᠯᠴᠠᠭᠰᠠᠨ
ᠪᠠᠶᠢᠯ᠎ᠠ ᠃ ᠬᠢᠴᠢᠶᠡᠯ ‍ᠤᠨ ᠳᠠᠷᠠᠭ᠎ᠠ ᠡᠯ᠎ᠡ ᠬᠢᠴᠢᠶᠡᠯᠡᠭᠴᠢ ᠪᠠᠭᠰᠢ ᠨᠠᠷ ᠵᠢᠴᠢ ᠮᠠᠨ ‍ᠤ ᠰᠤᠷᠭᠠᠭᠤᠯᠢ ᠶ᠋ᠢᠨ
ᠳᠠᠭᠤᠤ ᠵᠢᠷᠤᠭ ᠳᠠᠮᠢᠷ ᠰᠡᠳᠬᠢᠴᠡ ᠵᠦᠢ ᠶ᠋ᠢᠨ ᠪᠠᠭᠰᠢ ᠨᠠᠷ ᠬᠢᠴᠢᠶᠡᠯ ᠦᠨᠡᠯᠡᠬᠦ ᠳ᠋ᠤ ᠢᠳᠡᠪᠬᠢᠲᠠᠢ ᠤᠷᠤᠯᠴᠠᠵᠤ
᠂ ᠵᠢᠭᠠᠨ ᠰᠤᠷᠭᠠᠯᠳᠠ ᠶ᠋ᠢᠨ ᠬᠦᠳᠡᠯᠭᠡᠭᠡᠨ ‍ᠤ ᠲᠤᠮᠳᠠᠬᠢ ᠤᠷᠤᠰᠢᠵᠤ ᠪᠠᠶᠢᠭ᠎ᠠ ᠬᠦᠴᠢᠷᠳᠡᠯ ᠵᠢᠴᠢ ᠵᠢᠭᠠᠨ
ᠰᠤᠷᠭᠠᠯᠳᠠ ᠶ᠋ᠢᠨ ᠳᠤᠷᠰᠢᠯᠭ᠎ᠠ ᠪᠠᠨ ᠠᠮᠵᠢᠯᠳᠠ ᠲᠠᠢ ᠰᠤᠯᠢᠯᠴᠠᠭᠰᠠᠨ ᠪᠠᠶᠢᠨ᠎ᠠ ᠃