 :        
   2849      2017-8-25
 ᠭᠡᠢᠭᠦᠯᠦᠭᠴᠢ

ᠨᠢᠭᠡᠳᠦᠭᠡᠷ ᠦᠰᠦᠭ ᠠ(ɑ) ᠦᠰᠦᠭ

ᠦᠭᠡ  ᠶᠢᠨ ᠡᠬᠢᠨ ᠳᠦ «ᠠ᠊» ᠳᠦᠷᠰᠦ ᠪᠡᠷ: ᠠᠷᠠᠳ᠂ ᠠᠪᠤ᠂ ᠠᠴᠢ᠂ ᠠᠵᠢᠯ᠂ ᠠᠭᠤᠤ᠃

ᠦᠭᠡ ᠶᠢᠨ ᠳᠤᠮᠳᠠ «᠊ᠠ᠊» ᠳᠦᠷᠰᠦ ᠪᠡᠷ: ᠨᠠᠮ᠂ ᠨᠠᠷᠠ ᠂ ᠨᠠᠰᠤ᠂ ᠬᠠᠷ᠎ᠠ᠂ ᠪᠠᠭ᠎ᠠ᠃

ᠦᠭᠡ ᠶᠢᠨ ᠠᠳᠠᠭ ᠲᠤ «᠊ᠠ» «ᠡ᠋» ᠳᠦᠷᠰᠦ ᠪᠡᠷ: ᠬᠣᠯᠠ᠂ ᠬᠤᠷᠴᠠ᠂ ᠲᠤᠰᠠ᠂ ᠨᠠᠷᠠ᠂ ᠬᠠᠨ᠎ᠠ᠂ ᠤᠷᠮ᠎ᠠ᠂ ᠲᠠᠯ᠎ᠠ᠂ ᠰᠠᠷ᠎ᠠ᠂ ᠠᠬ᠎ᠠ᠂ ᠪᠠᠬ᠎ᠠ᠂ ᠲᠠᠷᠢᠶ᠎ᠠ᠂ ᠭᠣᠤ᠎ᠠ᠂ ᠣᠯᠪᠠ᠂ ᠶᠠᠪᠤᠪᠠ᠂ ᠫᠢᠫᠠ᠂ ᠱᠠᠹᠠ᠂ ᠠᠮᠧᠷᠢᠺᠠ ᠭᠡᠬᠦ ᠮᠡᠲᠦ ᠪᠡᠷ ᠪᠢᠴᠢᠭ᠍ᠳᠡᠨ᠎ᠡ᠃

ᠡᠭᠦᠨ ᠳᠦ «ᠡ᠋» ᠳᠦᠷᠰᠦ ᠶᠢ «᠊ᠨ᠂ ᠊ᠮ᠂ ᠊ᠯ᠂ ᠊ᠷ᠂ ᠊ᠶ᠂ ᠊ᠭ᠋᠂ ᠊ᠬ» ᠵᠡᠷᠭᠡ ᠦᠰᠦᠭ ᠦᠨ ᠳᠠᠷᠠᠭ᠎ᠠ ᠰᠠᠯᠤᠩᠬᠢᠳᠠ ᠪᠢᠴᠢᠵᠦ᠂ «ᠪ᠂ ᠫ᠂ ᠹ᠂ ᠺ» ᠦᠰᠦᠭ ᠤᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃


ᠬᠣᠶᠠᠳᠤᠭᠠᠷ ᠦᠰᠦᠭ ᠡ(e) ᠦᠰᠦᠭ

ᠦᠭᠡ ᠶᠢᠨ ᠡᠬᠢᠨ ᠳᠦ «ᠡ᠊» ᠳᠦᠷᠰᠦ ᠪᠡᠷ: ᠡᠵᠢ᠂ ᠡᠳ᠋᠂ ᠡᠪ᠂ ᠡᠰᠢ᠂ ᠡᠨᠡ᠃

ᠦᠭᠡ ᠶᠢᠨ ᠳᠣᠮᠳᠠ «᠊ᠡ᠊»᠂ «᠊ᠧ᠊» ᠳᠦᠷᠰᠦ ᠪᠡᠷ: ᠡᠷᠳᠡᠮ᠂ ᠡᠪᠯᠡᠯ᠂ ᠡᠭᠡᠯᠵᠢ᠂ ᠢᠳᠡᠬᠦ᠂ ᠡᠵᠡᠯᠡᠬᠦ᠂ ᠪᠡᠬᠡ᠂ ᠡᠧ ᠮᠧᠢ ᠱᠠᠨ᠂ ᠮᠧᠳᠡᠭ᠂ ᠰᠧᠳᠡᠩ᠃

ᠦᠭᠡ ᠶᠢᠨ ᠠᠳᠠᠭ ᠲᠤ «᠊ᠡ»᠂«ᠡ᠋»᠂ «᠊ᠧ» ᠳᠦᠷᠰᠦ ᠪᠡᠷ: ᠪᠢᠳᠡ᠂ ᠡᠭᠦᠳᠡ᠂ ᠦᠵᠡ᠂ ᠥᠭᠭᠦᠨ᠎ᠡ᠂ ᠢᠷᠡᠯ᠎ᠡ᠂ ᠰᠦᠮ᠎ᠡ᠂ ᠴᠢᠭ᠍ᠯᠡᠷ᠎ᠡ᠂ ᠦᠶ᠎ᠡ᠂ ᠦᠵᠡᠪᠡ᠂ ᠡᠷᠬᠡ᠂ ᠥᠩᠭᠡ᠂ ᠧᠦ᠋ᠷᠦᠫᠡ᠂ ᠭᠦᠧᠧ ᠮᠦᠧᠧ ᠿᠦᠧᠧ᠂ ᠬᠠᠢ ᠾᠧ᠂ ᠵᠦ ᠳ᠋ᠧ ᠭᠡᠬᠦ ᠮᠡᠲᠦ ᠪᠡᠷ ᠪᠢᠴᠢᠭ᠍ᠳᠡᠨ᠎ᠡ᠃

ᠡᠭᠦᠨ ᠳᠦ «ᠡ᠋» ᠳᠦᠷᠰᠦ ᠶᠢ «᠊ᠨ᠂ ᠊ᠮ᠂ ᠊ᠯ᠂ ‍ᠷ᠂ ᠊ᠶ» ᠦᠰᠦᠭ ᠦᠨ ᠳᠠᠷᠠᠭ᠎ᠠ ᠰᠠᠯᠤᠩᠬᠢᠳᠠ ᠪᠢᠴᠢᠵᠦ᠂ «ᠪ᠂ ᠫ᠂ ᠊ᠭ᠍᠊᠂ ᠊ᠭ᠍᠊‍‍(ɡ)᠂ ᠹ᠂ ᠺ» ᠦᠰᠦᠭ ᠦᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃


ᠭᠤᠷᠪᠠᠳᠤᠭᠠᠷ ᠦᠰᠦᠭ ᠢ(i) ᠦᠰᠦᠭ

ᠦᠭᠡ ᠶᠢᠨ ᠡᠬᠢᠨ ᠳᠦ «ᠢ᠊» ᠳᠦᠷᠰᠦ ᠪᠡᠷ: ᠢᠳᠡ᠂ ᠢᠰᠢᠭᠡ᠂ ᠢᠷᠠᠭᠤ᠂ ᠢᠲᠡᠭᠡᠯ᠂ ᠢᠷᠡᠬᠦ᠃

ᠦᠭᠡ ᠶᠢᠨ ᠳᠤᠮᠳᠠ «᠊ᠢ᠊»᠂ «᠊ᠢᠢ᠊» ᠳᠦᠷᠰᠦ ᠪᠡᠷ: ᠨᠢᠰᠭᠡᠯ᠂ ᠪᠢᠯᠢᠭ᠌᠂ ᠪᠢᠴᠢᠭ᠌᠂ ᠰᠢᠪᠠᠷ᠂ ᠬᠢᠴᠡ᠂ ᠫᠢᠶᠣᠣ᠂ ᠬᠢᠲᠠᠳ᠂ ᠮᠢᠯᠢᠶᠠᠬᠤ᠂ ᠲᠢᠳᠢᠮ᠂ ᠲᠢᠭ᠍ᠯᠢᠮ᠂ ᠴᠢᠳᠠᠯ᠂ ᠵᠢᠵᠢᠭ᠌᠂ ᠶᠢᠰᠦ᠂ ᠠᠷᠢᠭᠤᠨ᠂ ᠹᠢᠽᠢᠺ᠂ ᠺᠢᠨ᠋ᠣ᠋᠂ ᠠᠽᠢᠶ᠎ᠠ᠂ ᠰᠢᠢᠳᠪᠦᠷᠢ᠂ ᠦᠢᠯᠡ᠂ ᠣᠢᠮᠣᠰᠣ᠂ ᠤᠢᠳᠬᠠᠷ᠂ ᠭᠡᠬᠦ ᠮᠡᠲᠦ ᠪᠡᠷ ᠪᠢᠴᠢᠭ᠍ᠳᠡᠨ᠎ᠡ᠃

ᠡᠭᠦᠨ ᠳᠦ ᠳᠠᠩ ᠰᠢᠯᠪᠢ «᠊ᠢ᠊» ᠨᠢ ᠭᠡᠢᠭᠦᠯᠦᠭᠴᠢ ᠪᠠ «᠊ᠢ᠊(i)»ᠪᠠ «ᠵ᠊(i) »᠂ «ᠦ(ü)»(ᠵᠥᠪᠬᠡᠨ ᠦᠭᠡ ᠶᠢᠨ ᠨᠢᠭᠡᠳᠦᠭᠡᠷ ᠦᠶ᠎ᠡ ᠳᠦ ᠳᠣᠬᠢᠶᠠᠯᠳᠤᠬᠤ «ᠦ᠊») ᠡᠭᠡᠰᠢᠭ᠌ ᠤᠨ ᠳᠠᠷᠠᠭ᠎ᠠ: ᠨᠢᠭᠡ᠂ ᠰᠢᠨ᠎ᠡ᠂ ᠴᠢᠬᠢ᠂ ᠪᠢᠴᠢᠭ᠌᠂ ᠬᠢᠯᠢ᠂ ᠵᠢᠯ᠂ ᠰᠢᠢᠳᠪᠦᠷᠢ᠂ ᠬᠤᠵᠢᠢᠬᠤ᠂ ᠳᠠᠯᠵᠢᠢᠬᠤ᠂ ᠦᠢᠮᠡᠭᠡᠨ᠂ ᠵᠦᠢᠲᠡᠢ᠂ ᠭᠦᠢᠯᠡᠰᠦ᠂ ᠭᠡᠬᠦ ᠮᠡᠲᠦ ᠪᠡᠷ ᠪᠢᠴᠢᠭ᠍ᠳᠡᠨ᠎ᠡ᠂ ᠳᠠᠪᠬᠤᠷ ᠰᠢᠯᠪᠢ «᠊ᠢᠢ᠊» ᠨᠢ «ᠠ᠊᠂ ᠡ᠊᠂ ᠣ᠊᠂ ᠤ᠊» ᠳᠦᠷᠪᠡᠨ ᠡᠭᠡᠰᠢᠭ᠌ ᠪᠠ ᠦᠭᠡ ᠶᠢᠨ ᠨᠢᠭᠡᠳᠦᠭᠡᠷ ᠦᠶ᠎ᠡ ᠡᠴᠡ ᠬᠣᠢᠰᠢ ᠳᠣᠬᠢᠶᠠᠯᠳᠤᠬᠤ «ᠦ(ü)» ᠡᠭᠡᠰᠢᠭ᠌ ᠦᠨ ᠳᠠᠷᠠᠭ᠎ᠠ ᠪᠢᠴᠢᠭ᠍ᠳᠡᠨ᠎ᠡ᠃ ᠵᠢᠱᠢᠶᠡᠯᠡᠪᠡᠯ: ᠠᠢᠯ᠂ ᠪᠠᠢᠳᠠᠯ᠂ ᠡᠢᠮᠦ᠂ ᠲᠡᠢᠮᠦ᠂ ᠣᠢᠯᠠᠭᠠᠬᠤ᠂ ᠬᠣᠢᠨ᠎ᠠ᠂ ᠤᠢᠳᠬᠠᠷ᠂ ᠭᠦᠳᠦᠢᠬᠦ᠂ ᠪᠦᠯᠲᠦᠢᠬᠦ ᠭᠡᠬᠦ ᠮᠡᠲᠦ᠃

ᠦᠭᠡ ᠶᠢᠨ ᠠᠳᠠᠭ ᠲᠤ «᠊ᠢ» ᠳᠦᠷᠰᠦ ᠪᠡᠷ: ᠠᠢ᠂ ᠣᠢ᠂ ᠦᠢ᠂ ᠨᠣᠬᠠᠢ᠂ ᠭᠠᠬᠠᠢ᠂ ᠠᠬᠤᠢ᠂ ᠠᠮᠤᠢ᠂ ᠪᠣᠯᠠᠢ᠂ ᠬᠦᠬᠦᠢ᠂ ᠪᠣᠢ ᠭᠡᠬᠦ ᠮᠡᠳᠦ ᠪᠡᠷ ᠪᠢᠴᠢᠭ᠍ᠳᠡᠨ᠎ᠡ᠃

«ᠢ» ᠡᠭᠡᠰᠢᠭ᠌ «᠊ᠢ᠊» ᠳᠦᠷᠰᠦ ᠪᠡᠷ «ᠥ(ö)» ᠡᠭᠡᠰᠢᠭ᠌ ᠦᠨ ᠳᠠᠷᠠᠭ᠎ᠠ ᠰᠢᠭᠤᠳ ᠵᠠᠯᠭᠠᠨ ᠣᠷᠣᠳᠠᠭ ᠦᠭᠡᠢ᠃


ᠳᠥᠷᠪᠡᠳᠦᠭᠡᠷ ᠦᠰᠦᠭ ᠤ(o) ᠦᠰᠦᠭ

ᠦᠭᠡ ᠶᠢᠨ ᠡᠬᠢᠨ ᠳᠦ «ᠣ᠊» ᠳᠦᠷᠰᠦ ᠪᠡᠷ: ᠣᠳᠣ᠂ ᠣᠯᠬᠤ᠂ ᠣᠨᠴᠠ᠂ ᠣᠶᠤᠨ᠂ ᠣᠷᠢ᠃

ᠦᠭᠡ ᠶᠢᠨ ᠳᠣᠮᠳᠠ᠂ «᠊ᠣ᠊» ᠳᠦᠷᠰᠦ ᠪᠡᠷ: ᠣᠷᠥᠨ᠂ ᠰᠣᠶᠣᠯ᠂ ᠣᠰᠣᠯ᠂ ᠣᠯᠣᠩ᠂ ᠣᠮᠣᠭ᠃

ᠦᠭᠡ ᠶᠢᠨ ᠠᠳᠠᠭ ᠲᠤ «᠊ᠣ»᠂ «᠊ᠤ᠋» ᠳᠦᠷᠰᠦ ᠪᠡᠷ: ᠣᠳᠣ ‍(ᠴᠠᠭ ᠤᠨ)᠂ ᠰᠣᠳᠣ(ᠬᠦᠮᠦᠨ ᠦ ᠨᠡᠷ᠎ᠡ)᠂ ᠫᠠᠯᠢᠲ᠋ᠣ᠋᠂ ᠲᠣᠺᠢᠣ᠋ ᠭᠡᠬᠦ ᠮᠡᠲᠦ ᠪᠡᠷ ᠪᠢᠴᠢᠭ᠍ᠳᠡᠨ᠎ᠡ᠃


ᠲᠠᠪᠤᠳᠤᠭᠠᠷ ᠦᠰᠦᠭ ᠤ(u) ᠦᠰᠦᠭ

ᠦᠭᠡ ᠶᠢᠨ ᠡᠬᠢᠨ ᠳᠦ «ᠤ᠊» ᠳᠦᠷᠰᠦ ᠪᠡᠷ: ᠤᠰᠤ᠂ ᠤᠭ᠂ ᠤᠴᠢᠷ᠂ ᠤᠷᠠᠨ᠂ ᠤᠯᠠᠭᠠᠨ᠃

ᠦᠭᠡ ᠶᠢᠨ ᠳᠣᠮᠳᠠ «᠊ᠤ᠊» ᠳᠦᠷᠰᠦ ᠪᠡᠷ: ᠤᠷᠭᠤᠬᠤ᠂ ᠤᠳᠤᠮ᠂ ᠪᠣᠯᠪᠠᠰᠤᠨ᠂ ᠤᠷᠤᠭᠤᠯ᠃

ᠦᠭᠡ ᠶᠢᠨ ᠠᠳᠠᠭ ᠲᠤ «᠊ᠤ»᠂ «᠊ᠤ᠋» ᠳᠦᠷᠰᠦ ᠪᠡᠷ: ᠤᠷᠲᠤ᠂ ᠬᠤᠰᠤ᠂ ᠶᠠᠪᠤ᠂ ᠬᠠᠪᠤ᠂ ᠺᠢᠨ᠋ᠤ᠋ ᠭᠡᠬᠦ ᠮᠡᠲᠦ ᠪᠡᠷ ᠪᠢᠴᠢᠭ᠍ᠳᠡᠨ᠎ᠡ᠃


ᠵᠢᠷᠭᠤᠳᠤᠭᠠᠷ ᠦᠰᠦᠭ ᠥ(ö) ᠦᠰᠦᠭ

ᠦᠭᠡ ᠶᠢᠨ ᠡᠬᠢᠨ ᠳᠦ «ᠥ᠊» ᠳᠦᠷᠰᠦ ᠪᠡᠷ: ᠥᠷᠭᠡᠨ᠂ ᠥᠳᠭᠡᠨ᠂ ᠥᠨᠳᠥᠷ᠂ ᠥᠨᠳᠡᠭᠡ᠂ ᠥᠮᠥᠭ᠃

ᠦᠭᠡ ᠶᠢᠨ ᠳᠣᠮᠳᠠ «᠊ᠥ᠋᠊»᠂ «᠊ᠥ᠊» ᠳᠦᠷᠰᠦ ᠪᠡᠷ: ᠮᠥᠷᠭᠦᠬᠦ᠂ ᠬᠥᠳᠡᠭᠡ᠂ ᠥᠷᠥᠭᠡᠯ᠂ ᠥᠪᠥᠷᠯᠡᠬᠦ᠂ ᠥᠷᠥᠰᠢᠶᠡᠬᠦ᠃

ᠦᠭᠡ ᠶᠢᠨ ᠠᠳᠠᠭ ᠲᠤ «‍᠊ᠦ»᠂ «᠊ᠥ᠋» ᠳᠦᠷᠰᠦ ᠪᠡᠷ: ᠥᠨᠥ᠂ ᠮᠥᠨᠥ᠂ ᠬᠥ᠂ ᠥ ᠭᠡᠬᠦ ᠮᠡᠲᠦ ᠪᠡᠷ ᠪᠢᠴᠢᠭ᠍ᠳᠡᠨ᠎ᠡ᠃

ᠡᠭᠦᠨ ᠳᠦ «᠊ᠥ᠋» ᠨᠢ ᠭᠠᠭᠴᠠ ᠦᠶᠡᠲᠦ ᠦᠭᠡᠨ ᠳᠦ ᠭᠡᠢᠭᠦᠯᠦᠭᠴᠢ ᠶᠢᠨ ᠳᠣᠣᠷ᠎ᠠ ᠪᠢᠴᠢᠭ᠍ᠳᠡᠨ᠎ᠡ᠃


ᠳᠣᠯᠣᠳᠤᠭᠠᠷ ᠦᠰᠦᠭ ᠦ(ü) ᠦᠰᠦᠭ

ᠦᠭᠡ ᠶᠢᠨ ᠡᠬᠢᠨ ᠳᠤ «ᠦ᠊» ᠳᠦᠷᠰᠦ ᠪᠡᠷ: ᠦᠷ᠎ᠡ᠂ ᠦᠭᠡ᠂ ᠦᠬᠡᠷ᠂ ᠦᠨᠡᠨ᠂ ᠦᠵᠡ᠃

ᠦᠭᠡ ᠶᠢᠨ ᠳᠣᠮᠳᠠ «᠊ᠦ᠋᠊»᠂ «᠊ᠦ᠊» ᠳᠦᠷᠰᠦ ᠪᠡᠷ: ᠴᠦᠯᠡᠬᠦ᠂ ᠵᠦᠯᠭᠡ᠂ ᠬᠦᠵᠦᠭᠦᠦ᠂ ᠵᠦᠯᠭᠦᠬᠦ᠂ ᠨᠢᠴᠦᠭᠦᠨ᠂ ᠰᠢᠲᠦᠬᠦ᠃

ᠦᠭᠡ ᠶᠢᠨ ᠠᠳᠠᠭ ᠲᠤ «᠊ᠦ»᠂ «᠊ᠦ᠋» ᠳᠦᠷᠰᠦ ᠪᠡᠷ: ᠡᠭᠦᠨ ᠳᠦ «᠊ᠦ᠋» ᠨᠢ ᠭᠠᠭᠴᠠ ᠦᠶᠡᠲᠦ ᠦᠭᠡᠨ ᠳᠦ ᠭᠡᠢᠭᠦᠯᠦᠭᠴᠢ ᠶᠢᠨ ᠳᠣᠣᠷ᠎ᠠ ᠪᠢᠴᠢᠭ᠍ᠳᠡᠨ᠎ᠡ᠃ ᠵᠡᠭᠦᠦ᠂ ᠳᠡᠭᠦᠦ᠂ ᠦᠵᠡᠬᠦ᠂ ᠲᠡᠭᠦᠬᠦ᠂ ᠰᠦ᠋ ᠭᠡᠬᠦ ᠮᠡᠲᠦ ᠪᠡᠷ ᠪᠢᠴᠢᠭ᠍ᠳᠡᠨ᠎ᠡ᠃


ᠨᠠᠢᠮᠠᠳᠤᠭᠠᠷ ᠦᠰᠦᠭ ᠨ(n) ᠭᠡᠢᠭᠦᠯᠦᠭᠴᠢ

ᠦᠭᠡ ᠶᠢᠨ ᠡᠬᠢᠨ ᠳᠦ «ᠨ» ᠳᠦᠷᠰᠦ ᠪᠡᠷ: ᠨᠠᠷᠠ᠂ ᠨᠡᠷ᠎ᠡ᠂ ᠨᠣᠮ᠂ ᠨᠥᠯᠥᠭᠡ᠂ ᠨᠥᠬᠥᠷ᠃

ᠦᠭᠡ ᠶᠢᠨ ᠳᠣᠮᠳᠠ ᠡᠭᠡᠰᠢᠭ᠌ ᠦᠨ ᠡᠮᠦᠨ᠎ᠡ ᠣᠷᠣᠪᠠᠯ «᠊ᠨ᠋᠊» ᠳᠦᠷᠰᠦ ᠪᠡᠷ: ᠮᠠᠨᠠᠭ᠎ᠠ᠂ ᠴᠢᠨᠠᠷ᠂ ᠴᠢᠨᠡᠭᠡ᠂ ᠣᠨᠣᠯ᠂ ᠬᠦᠰᠦᠨᠦᠭ᠃ ᠡᠭᠡᠰᠢᠭ᠌ ᠦᠨ ᠳᠠᠷᠠᠭ᠎ᠠ ᠳᠡᠪᠢᠰᠭᠡᠷᠯᠡᠨ ᠣᠷᠣᠪᠠᠯ ᠳᠤᠰᠤᠯ ᠦᠭᠡᠢ «᠊ᠨ᠊» ᠳᠦᠷᠰᠦ ᠪᠡᠷ: ᠠᠨᠳᠠ᠂ ᠡᠨᠳᠡ᠂ ᠬᠣᠨᠵᠢᠬᠤ᠂ ᠤᠨᠲᠠᠬᠤ᠂ ᠥᠨᠵᠢᠬᠦ᠂ ᠬᠥᠨᠳᠦ᠂ ᠭᠦᠨᠵᠡᠭᠡᠢ᠃ ᠡᠭᠡᠰᠢᠭ᠌ «ᠠ᠊»᠂ «ᠡ᠊» ᠶᠢᠨ ᠦᠭᠡ ᠶᠢᠨ ᠡᠴᠦᠰ ᠲᠦ ᠣᠷᠣᠬᠤ ᠴᠠᠴᠤᠯᠭ᠎ᠠ «ᠡ᠋» ᠶᠢᠨ ᠡᠮᠦᠨ᠎ᠡ «᠊ᠨ᠋» ᠳᠦᠷᠰᠦ ᠪᠡᠷ: ᠠᠪᠤᠨ᠎ᠠ᠂ ᠶᠠᠪᠤᠨ᠎ᠠ᠂ ᠭᠠᠷᠤᠨ᠎ᠠ᠂ ᠬᠡᠯᠡᠨ᠎ᠡ᠂ ᠦᠵᠡᠨ᠎ᠡ᠂ ᠬᠦᠷᠦᠨ᠎ᠡ᠃

ᠦᠭᠡ ᠶᠢᠨ ᠠᠳᠠᠭ ᠲᠤ «᠊ᠨ» ᠳᠦᠷᠰᠦ ᠪᠡᠷ: ᠨᠠᠷᠠᠨ᠂ ᠰᠠᠷᠠᠨ᠂ ᠬᠠᠷᠢᠨ᠂ ᠦᠨᠡᠨ᠂ ᠭᠡᠨᠡᠨ᠂ ᠬᠦᠮᠦᠨ ᠭᠡᠬᠦ ᠮᠡᠲᠦ᠃


ᠶᠢᠰᠦᠳᠦᠭᠡᠷ ᠦᠰᠦᠭ ᠪ(b) ᠭᠡᠢᠭᠦᠯᠦᠭᠴᠢ

ᠦᠭᠡ ᠶᠢᠨ ᠡᠬᠢᠨ ᠳᠦ «ᠪ᠊» ᠳᠦᠷᠰᠦ ᠪᠡᠷ: ᠪᠠᠲᠤ᠂ ᠪᠠᠢᠬᠤ᠂ ᠪᠡᠯᠡᠭ᠂ ᠪᠡᠬᠢ᠂ ᠪᠢᠳᠡ᠂ ᠪᠢᠴᠢᠭ᠌᠂ ᠪᠥᠭᠡᠮ᠂ ᠪᠥᠯᠦᠭ᠂ ᠪᠦᠬᠦᠳᠡ᠂ ᠪᠣᠳᠣᠯᠭ᠎ᠠ᠂ᠪᠣᠰᠬᠤ᠃

ᠦᠭᠡ ᠶᠢᠨ ᠳᠣᠮᠳᠠ «᠊ᠪ᠊» ᠳᠦᠷᠰᠦ ᠪᠡᠷ: ᠠᠪᠬᠤ᠂ ᠠᠪᠠᠴᠢᠬᠤ᠂ ᠳᠡᠪᠲᠡᠷ᠂ ᠳᠡᠪᠡᠯ᠂ ᠳᠡᠪᠢᠰᠭᠡᠷ᠂ ᠬᠣᠪᠢᠷᠠᠬᠤ᠂ ᠥᠪᠡᠷ᠂ ᠬᠥᠪᠴᠢ᠃

ᠦᠭᠡ ᠶᠢᠨ ᠠᠳᠠᠭ ᠲᠤ «᠊ᠪ» ᠳᠦᠷᠰᠦ ᠪᠡᠷ: ᠠᠪ᠂ ᠣᠪ᠂ ᠡᠪ᠂ ᠰᠡᠪ᠂ ᠰᠡᠳᠦᠪ᠂ ᠲᠥᠪ᠂ ᠵᠦᠪ ᠭᠡᠬᠦ ᠮᠡᠲᠦ᠃


ᠠᠷᠪᠠᠳᠤᠭᠠᠷ ᠦᠰᠦᠭ ᠫ(p) ᠭᠡᠢᠭᠦᠯᠦᠭᠴᠢ

ᠦᠭᠡ ᠶᠢᠨ ᠡᠬᠢᠨ ᠳᠦ «ᠫ᠊» ᠳᠦᠷᠰᠦ ᠪᠡᠷ: ᠫᠠᠭᠮ᠎ᠠ᠂ ᠫᠠᠨᠽᠠ᠂ ᠫᠤᠤ᠂ ᠫᠣᠩᠰᠣᠭ᠂ ᠫᠠᠷᠲ᠋ᠢᠽᠠᠨ᠃

ᠦᠭᠡ ᠶᠢᠨ ᠳᠣᠮᠳᠠ «᠊ᠫ᠊» ᠳᠦᠷᠰᠦ ᠪᠡᠷ: ᠫᠢᠫᠠ᠂ ᠢᠰᠫᠠᠨᠢ᠂ ᠧᠦ᠋ᠷᠦᠫᠠ᠂ ᠺᠣᠮᠫᠠᠨᠢ᠂ ᠫᠠᠰᠫᠣᠷᠲ᠃

ᠦᠭᠡ ᠶᠢᠨ ᠠᠳᠠᠭ ᠲᠤ «᠊ᠫ» ᠳᠦᠷᠰᠦ ᠪᠡᠷ: ᠹᠢᠯᠢᠫ᠂ ᠫᠣᠮᠫ ᠭᠡᠬᠦ ᠮᠡᠲᠦ᠃

ᠡᠭᠦᠨ ᠳᠦ ᠦᠭᠡ ᠶᠢᠨ ᠳᠣᠮᠳᠠ ᠪᠠ ᠠᠳᠠᠭ ᠲᠤ ᠣᠷᠣᠬᠣ ᠳᠦᠷᠰᠦ ᠨᠢ ᠪᠦᠷ ᠬᠠᠷᠢ ᠦᠭᠡ ᠶᠢ ᠳᠡᠮᠳᠡᠭᠯᠡᠬᠦ ᠳᠦ ᠬᠡᠷᠡᠭᠯᠡᠳᠡᠭ ᠶᠣᠮ᠃


ᠠᠷᠪᠠᠨ ᠨᠢᠭᠡᠳᠦᠭᠡᠷ ᠦᠰᠦᠭ ᠬ(x)(᠊ᠭ᠍᠊) ᠭᠡᠢᠭᠦᠯᠦᠭᠴᠢ

ᠦᠭᠡ ᠶᠢᠨ ᠡᠬᠢᠨ ᠳᠦ ᠴᠢᠩᠭ᠎ᠠ ᠬᠥᠨᠳᠡᠢ ᠶᠢ ᠢᠯᠭᠠᠨ ᠲᠤᠰ ᠲᠤᠰ «ᠬ»᠂«᠊ᠭ᠍᠊» ᠳᠦᠷᠰᠦ ᠪᠡᠷ: ᠬᠠᠳᠠ᠂ ᠬᠠᠮᠤᠭ᠂ ᠬᠣᠯᠠ᠂ ᠬᠣᠲᠠ᠂ ᠬᠤᠭᠤᠷ᠂ ᠬᠢᠭᠡᠳ᠂ ᠬᠢᠷᠦᠭᠡ᠂ ᠬᠦᠬᠡ᠂ ᠬᠥᠭᠵᠢᠮ᠂ ᠬᠦᠰᠡᠯ᠂ ᠬᠦᠷᠳᠦ᠃

ᠦᠭᠡ ᠶᠢᠨ ᠳᠣᠮᠳᠠ ᠴᠢᠩᠭ᠎ᠠ ᠦᠭᠡᠨ ᠳᠦ «᠊ᠬ᠊»᠂ «᠊ᠬ»᠂ ᠬᠥᠨᠳᠡᠢ ᠦᠭᠡᠨ ᠳᠦ «᠊ᠭ᠍᠊» ᠳᠦᠷᠰᠦ ᠪᠡᠷ: ᠠᠬᠠᠯᠠᠬᠤ᠂ ᠭᠠᠢᠬᠠᠮᠠᠷ᠂ ᠤᠬᠤᠷᠢᠬᠤ᠂ ᠣᠷᠣᠬᠤ᠂ ᠪᠠᠬ᠎ᠠ᠂ ᠭᠠᠷᠠᠬ᠎ᠠ᠂ ᠭᠣᠬ᠎ᠠ᠂ ᠠᠯᠤᠬ᠎ᠠ᠂ ᠡᠷᠬᠡ᠂ ᠪᠡᠷᠬᠡ᠂ ᠰᠦᠬᠡ᠂ ᠬᠦᠷᠬᠦ᠂ ᠳᠥᠷᠬᠦᠮ ᠭᠡᠬᠦ ᠮᠡᠲᠦ᠃ ᠭᠡᠬᠦ ᠳᠦ ᠪᠡᠨ «᠊ᠬ» ᠳᠦᠷᠰᠤ ᠨᠢ ᠵᠥᠪᠬᠡᠨ «ᠠ᠊» ᠡᠭᠡᠰᠢᠭ᠌ ᠦᠨ ᠦᠭᠡ ᠶᠢᠨ ᠡᠴᠦᠰ ᠲᠦ ᠣᠷᠣᠬᠣ ᠳᠦᠷᠰᠦ ᠴᠠᠴᠤᠯᠭ᠎ᠠ «ᠡ᠋» ᠶᠢᠨ ᠡᠮᠦᠨ᠎ᠡ ᠳᠣᠬᠢᠶᠠᠯᠳᠤᠨ᠎ᠠ᠃

«ᠬ(᠊ᠭ᠍᠊)» ᠭᠡᠢᠭᠦᠯᠦᠭᠴᠢ ᠲᠥᠷᠥᠯᠬᠢ ᠬᠡᠯᠡᠨ ᠦ ᠦᠭᠡ ᠶᠢᠨ ᠠᠳᠠᠭ ᠲᠤ ᠳᠣᠬᠢᠶᠠᠯᠳᠤᠬᠤ ᠦᠭᠡᠢ᠃


ᠠᠷᠪᠠᠨ ᠬᠣᠶᠠᠳᠤᠭᠠᠷ ᠦᠰᠦᠭ ᠭ(ɡ)(᠊ᠭ᠍᠊) ᠭᠡᠢᠭᠦᠯᠦᠭᠴᠢ

ᠦᠭᠡ ᠶᠢᠨ ᠡᠬᠢᠨ ᠳᠦ ᠴᠢᠩᠭ᠎ᠠ ᠬᠥᠨᠳᠡᠢ ᠶᠢ ᠢᠯᠭᠠᠨ ᠲᠤᠰ ᠲᠤᠰ «ᠭ»᠂ «᠊ᠭ᠍᠊» ᠳᠦᠷᠰᠦ ᠪᠡᠷ: ᠭᠠᠯ᠂ ᠭᠠᠷ᠂ ᠭᠣᠣᠯ᠂ ᠭᠣᠷᠣᠬ᠎ᠠ᠂ ᠭᠤᠷᠪᠠ᠂ ᠭᠡᠷ᠂ ᠭᠡᠳᠡᠰᠦ᠂ ᠬᠦᠷᠦᠭᠡᠰᠦ᠂ ᠬᠥᠯᠢᠮ᠂ ᠬᠦᠨ᠂ ᠭᠦᠢᠴᠡᠳ᠃

ᠦᠭᠡ ᠶᠢᠨ ᠳᠣᠮᠳᠠ ᠴᠢᠩᠭ᠎ᠠ ᠦᠭᠡᠨ ᠳᠦ «᠊ᠬ᠋᠊»᠂ «᠊ᠭ᠊»᠂ «᠊ᠭ᠋»᠂ ᠬᠥᠨᠳᠡᠢ ᠦᠭᠡᠨ ᠳᠦ «᠊ᠭ᠍᠊» ᠳᠦᠷᠰᠦ ᠪᠡᠷ: ᠠᠷᠭᠠᠯ᠂ ᠪᠠᠷᠠᠭᠠᠨ᠂ ᠲᠣᠭᠣᠬᠣ᠂ ᠣᠭᠣᠰᠤᠷ᠂ ᠲᠤᠭᠤᠷᠠᠢ᠂ ᠤᠭᠤᠷ᠂ ᠪᠠᠭᠰᠢ᠂ ᠠᠭᠲᠠ᠂ ᠴᠣᠭᠴᠠ᠂ ᠪᠠᠭᠴᠠ᠂ ᠪᠣᠭᠴᠣ᠂ ᠣᠭᠰᠢᠬᠤ᠂ ᠤᠭᠲᠤᠬᠤ᠂ ᠳᠤᠭᠲᠤᠷᠴᠤ᠂ ᠪᠠᠭ᠎ᠠ᠂ ᠠᠯᠠᠭ᠎ᠠ᠂ ᠳᠣᠯᠣᠭ᠎ᠠ᠂ ᠪᠣᠷᠣᠭ᠎ᠠ᠂ ᠳᠡᠭᠳᠡᠬᠦ᠂ ᠭᠥᠭᠵᠢᠯ᠂ ᠥᠭᠯᠢᠭᠡ᠂ ᠲᠥᠭᠵᠢᠬᠦ᠃

ᠦᠭᠡ ᠶᠢᠨ ᠠᠳᠠᠭ ᠲᠤ ᠴᠢᠩᠭ᠎ᠠ ᠦᠭᠡᠨ ᠳᠦ «᠊ᠭ»᠂ ᠬᠥᠨᠳᠡᠢ ᠦᠭᠡᠨ ᠳᠦ «᠊ᠭ᠌» ᠳᠦᠷᠰᠦ ᠪᠡᠷ: ᠠᠳᠠᠭ᠂ ᠬᠠᠳᠠᠭ᠂ ᠤᠭ᠂ ᠪᠠᠷᠤᠭ᠂ ᠬᠡᠷᠡᠭ᠂ ᠲᠡᠨᠡᠭ᠂ ᠬᠥᠷᠥᠭ᠂ ᠰᠦᠷᠦᠭ ᠭᠡᠬᠦ ᠮᠡᠲᠦ᠃

ᠭᠡᠬᠦ ᠳᠦ ᠪᠡᠨ ᠦᠭᠡ ᠶᠢᠨ ᠳᠣᠮᠳᠠ ᠣᠷᠣᠬᠣ «᠊ᠭ᠋᠊» ᠳᠦᠷᠰᠦ ᠨᠢ ᠢᠮᠠᠭᠲᠠ ᠡᠭᠡᠰᠢᠭ᠌ ᠤᠨ ᠡᠮᠦᠨ᠎ᠡ ᠣᠷᠣᠵᠣ᠂ «᠊ᠭ᠊» ᠳᠦᠷᠰᠦ ᠨᠢ ᠬᠡᠵᠢᠶᠡᠲᠡ ᠡᠭᠡᠰᠢᠭ᠌ ᠦᠨ ᠳᠠᠷᠠᠭ᠎ᠠ ᠳᠡᠪᠢᠰᠭᠡᠷᠯᠡᠨ ᠬᠡᠷᠡᠭᠯᠡᠭᠳᠡᠨ᠎ᠡ᠃ ᠦᠭᠡ ᠶᠢᠨ ᠳᠣᠮᠳᠠ ᠣᠷᠣᠬᠣ «᠊ᠭ᠋» ᠳᠦᠷᠰᠦ ᠨᠢ «ᠠ᠊» ᠡᠭᠡᠰᠢᠭ᠌ ᠦᠨ ᠦᠭᠡ ᠶᠢᠨ ᠡᠴᠦᠰ ᠲᠦ ᠣᠷᠣᠬᠣ ᠳᠦᠷᠰᠦ ᠴᠠᠴᠤᠯᠭ᠎ᠠ «ᠡ᠋» ᠶᠢᠨ ᠡᠮᠦᠨ᠎ᠡ ᠳᠣᠬᠢᠶᠠᠯᠳᠤᠨ᠎ᠠ᠃

ᠡᠭᠦᠨ ᠳᠦ «ᠭ» ᠭᠡᠢᠭᠦᠯᠦᠭᠴᠢ ᠶᠢᠨ ᠦᠭᠡ ᠶᠢᠨ ᠳᠣᠮᠳᠠ ᠣᠷᠣᠬᠣ «᠊ᠭ᠋᠊»᠂ «᠊ᠭ᠋» ᠳᠦᠷᠰᠦ ᠨᠢ «ᠰ»᠂«᠊ᠳ᠊» ᠬᠣᠶᠠᠷ ᠭᠡᠢᠭᠦᠯᠦᠭᠴᠢ ᠶᠢᠨ ᠳᠠᠷᠠᠭ᠎ᠠ ᠣᠷᠣᠬᠣ ᠳᠤ ᠪᠡᠨ ᠢᠮᠠᠭᠲᠠ ᠲᠤᠰᠤᠯ ᠶᠢᠡᠨ ᠣᠷᠬᠢᠳᠠᠭ ᠶᠣᠮ᠃ ᠵᠢᠱᠢᠶᠡᠯᠡᠪᠡᠯ: ᠲᠠᠰᠭᠠᠯ᠂ ᠬᠣᠪᠢᠰᠭᠠᠯ᠂ ᠳᠠᠳᠬᠠᠯ᠂ ᠤᠢᠳᠭᠠᠷ᠂ ᠬᠠᠳᠭᠤᠬᠤ᠂ ᠳᠣᠷᠣᠰᠭ᠎ᠠ᠂ ᠤᠳᠭ᠎ᠠ᠂ ᠴᠢᠩᠭᠠᠳᠭ᠎ᠠ᠂ ᠤᠰᠠᠳᠭ᠎ᠠ ᠭᠡᠬᠦ ᠮᠡᠲᠦ᠃

«ᠬ(᠊ᠭ᠍᠊)»᠂ «ᠭ(᠊ᠭ᠍᠊)» ᠭᠡᠢᠭᠦᠯᠦᠭᠴᠢ ᠶᠢᠨ ᠦᠭᠡ ᠶᠢᠨ ᠳᠣᠮᠳᠠ ᠣᠷᠣᠬᠣ ᠳᠦᠷᠰᠦ ᠨᠤᠭᠦᠳ ᠨᠢ ᠦᠭᠡ ᠶᠢᠨ ᠴᠢᠩᠭ᠎ᠠ ᠬᠥᠨᠳᠡᠢ ᠶᠢ ᠢᠯᠭᠠᠨ ᠪᠢᠴᠢᠭ᠍ᠳᠡᠳᠡᠭ ᠲᠤᠰᠬᠠᠢ ᠪᠢᠴᠢᠯᠭᠡ ᠲᠠᠢ ᠪᠣᠯᠪᠠᠴᠣ᠂ ᠬᠠᠷᠢᠨ « ᠬᠠᠬᠢᠷ᠂ ᠪᠣᠬᠢᠷ᠂ ᠬᠣᠵᠢᠭᠢᠷ᠂ ᠤᠭᠢᠶᠠᠬᠤ᠂ ᠤᠭᠢᠯᠠᠬᠤ᠂ ᠠᠬᠢᠮᠠᠭ᠂ ᠬᠣᠬᠢᠷᠠᠯ᠂ ᠪᠣᠷᠭᠢᠬᠤ᠂ ᠣᠷᠭᠢᠬᠤ» ᠭᠡᠬᠦ ᠮᠡᠲᠦ ᠪᠡᠷ ᠴᠢᠩᠭ᠎ᠠ ᠦᠭᠡᠨ ᠳᠦ ᠬᠥᠨᠳᠡᠢ ᠳᠦᠷᠰᠦ ᠶᠢ ᠬᠤᠳᠭᠤᠨ ᠣᠷᠤᠭᠤᠯᠤᠭᠰᠠᠨ ᠮᠡᠲᠦ ᠦᠵᠡᠭᠳᠡᠯ ᠲᠠᠢ᠃ ᠡᠨᠡ ᠨᠢ ᠦᠨᠡᠨ ᠳᠦ ᠪᠡᠨ ᠴᠢᠩᠭ᠎ᠠ ᠬᠥᠨᠳᠡᠢ ᠶᠢ ᠬᠤᠳᠭᠤᠯᠳᠤᠭᠤᠯᠤᠭᠰᠠᠨ ᠬᠡᠷᠡᠭ ᠪᠢᠰᠢ᠂ ᠡᠨᠳᠡ «᠊ᠭ᠍᠊» ᠳᠦᠷᠰᠦ ᠨᠢ «ᠢ» ᠡᠭᠡᠰᠢᠭ᠌ ᠦᠨ ᠡᠮᠦᠨ᠎ᠡ «ᠬᠢ᠊» ᠬᠡᠯᠪᠡᠷᠢ ᠪᠡᠷ ᠪᠢᠴ, , , , ᠢᠭ᠍ᠳᠡᠳᠡᠭ ᠨᠢ ᠦᠭᠡ ᠶᠢᠨ ᠳᠦᠷᠰᠦ ᠶᠢ ᠢᠯᠭᠠᠷᠠᠭᠤᠯᠬᠤ ᠶᠢᠨ ᠲᠥᠯᠦᠭᠡ ᠪᠢᠴᠢᠭ᠍ᠳᠡᠭᠰᠡᠨ ᠤᠴᠢᠷ ᠲᠠᠢ ᠪᠠᠢᠭ᠎ᠠ ᠶᠣᠮ᠃


ᠠᠷᠪᠠᠨ ᠭᠤᠷᠪᠠᠳᠤᠭᠠᠷ ᠦᠰᠦᠭ ᠮ(m) ᠭᠡᠢᠭᠦᠯᠦᠭᠴᠢ

ᠦᠭᠡ ᠶᠢᠨ ᠡᠬᠢᠨ ᠳᠦ «ᠮ» ᠳᠦᠷᠰᠦ ᠪᠡᠷ: ᠮᠠᠯᠴᠢᠨ᠂ ᠮᠠᠭᠲᠠᠭᠠᠯ᠂ ᠮᠡᠷᠭᠡᠨ᠂ ᠮᠡᠳᠡᠯᠭᠡ᠂ ᠮᠣᠳᠣ᠂ ᠮᠣᠩᠭᠣᠯ᠂ ᠮᠣᠩᠬᠠᠭ᠂ ᠮᠣᠬᠣᠷ᠂ ᠮᠦᠩᠬᠡ᠂ ᠮᠥᠯᠵᠢᠯ᠂ ᠮᠥᠳᠳᠦ᠂ ᠮᠥᠷᠥᠭᠡᠳᠬᠦ᠃

ᠦᠭᠡ ᠶᠢᠨ ᠳᠣᠮᠳᠠ «᠊ᠮ᠊»᠂ «᠊ᠮ» ᠳᠦᠷᠰᠦ ᠪᠡᠷ: ᠠᠮᠠ᠂ ᠠᠮᠰᠠᠬᠤ᠂ ᠡᠮᠴᠢ᠂ ᠪᠢᠮᠪᠠ᠂ ᠴᠢᠮᠬᠢᠬᠦ᠂ ᠣᠮᠪᠠᠬᠤ᠂ ᠳᠣᠮᠣᠭ᠂ ᠰᠣᠮᠣ᠂ ᠬᠣᠮᠪᠢᠬᠤ᠂ ᠪᠥᠮᠪᠥᠭᠡ᠂ ᠰᠦᠮᠪᠦᠷ᠂ ᠠᠯᠢᠮ᠎ᠠ᠂ ᠡᠮ᠎ᠡ᠂ ᠰᠢᠮ᠎ᠡ᠂ ᠵᠤᠮ᠎ᠠ᠂ ᠰᠦᠮ᠎ᠡ᠃

ᠦᠭᠡ ᠶᠢᠨ ᠠᠳᠠᠭ ᠲᠤ «᠊ᠮ» ᠳᠦᠷᠰᠦ ᠪᠡᠷ: ᠰᠠᠮ᠂ ᠢᠮ᠂ ᠳᠣᠮ᠂ ᠵᠢᠮ᠂ ᠤᠳᠤᠮ᠂ ᠪᠦᠬᠡᠮ᠂ ᠣᠯᠠᠮ᠂ ᠬᠦᠷᠭᠦᠮ ᠭᠡᠬᠦ ᠮᠡᠲᠦ᠃

ᠡᠭᠦᠨ ᠳᠦ ᠦᠭᠡ ᠶᠢᠨ ᠳᠣᠮᠳᠠ ᠣᠷᠣᠬᠣ «᠊ᠮ» ᠳᠦᠷᠰᠦ ᠨᠢ «ᠠ᠊»᠂ «ᠡ᠊» ᠡᠭᠡᠰᠢᠭ᠌ ᠦᠨ ᠦᠭᠡ ᠶᠢᠨ ᠡᠴᠦᠰ ᠲᠦ ᠣᠷᠣᠬᠣ ᠳᠦᠷᠰᠦ ᠴᠠᠴᠤᠯᠭ᠎ᠠ «ᠡ᠋» ᠶᠢᠨ ᠡᠮᠦᠨ᠎ᠡ ᠳᠣᠬᠢᠶᠠᠯᠳᠤᠨ᠎ᠠ᠃


ᠠᠷᠪᠠᠨ ᠳᠥᠷᠪᠡᠳᠦᠭᠡᠷ ᠦᠰᠦᠭ ᠯ(l) ᠭᠡᠢᠭᠦᠯᠦᠭᠴᠢ

ᠦᠭᠡ ᠶᠢᠨ ᠡᠬᠢᠨ ᠳᠦ «ᠯ᠊» ᠳᠦᠷᠰᠦ ᠪᠡᠷ: ᠯᠠᠮ᠎ᠠ᠂ ᠯᠠᠷᠵᠢᠶ᠎ᠠ᠂ ᠯᠡᠪᠡᠷᠡᠬᠦ᠂ ᠯᠧᠨᠢᠨ᠂ ᠯᠢᠮᠪᠦ᠂ ᠯᠢᠲᠡᠷ᠂ ᠯᠣᠩᠬᠤ᠂ ᠯᠤᠲᠤ᠂ ᠯᠤᠤ᠂ ᠯᠣᠣᠪᠠᠩ᠂ ᠯᠦᠪᠬᠢᠮ᠎ᠡ᠂ ᠯᠦᠭᠯᠦᠢᠬᠦ᠃

ᠦᠭᠡ ᠶᠢᠨ ᠳᠣᠮᠳᠠ «᠊ᠯ᠊»᠂ «᠊ᠯ» ᠳᠦᠷᠰᠦ ᠪᠡᠷ: ᠠᠯᠠᠬᠤ᠂ ᠰᠠᠯᠠᠬᠤ᠂ ᠪᠡᠯᠭᠡ᠂ ᠳᠡᠯᠪᠡᠷᠡᠬᠦ᠂ ᠰᠢᠯᠢᠬᠦ᠂ ᠰᠢᠯᠵᠢᠬᠦ᠂ ᠣᠯᠣᠭᠠᠢ᠂ ᠪᠣᠯᠬᠣ᠂ ᠣᠯᠠᠯᠵᠠᠬᠤ᠂ ᠰᠤᠯᠠᠯᠠᠬᠤ᠂ ᠰᠦᠯᠪᠡᠭᠡ᠂ ᠲᠥᠯᠥᠭᠡ᠂ ᠪᠥᠯᠦᠭ᠂ ᠴᠦᠯᠡᠬᠦ᠂ ᠠᠪᠤᠯ᠎ᠠ᠂ ᠲᠠᠨᠢᠯ᠎ᠠ᠂ ᠵᠠᠯ᠎ᠠ᠂ ᠭᠦᠶᠦᠯ᠎ᠡ᠂ ᠬᠦᠷᠦᠯ᠎ᠡ᠃

ᠦᠭᠡ ᠶᠢᠨ ᠠᠳᠠᠭ ᠲᠤ «᠊ᠯ» ᠳᠦᠷᠰᠦ ᠪᠡᠷ: ᠡᠨᠳᠡᠯ᠂ ᠡᠭᠡᠯ᠂ ᠰᠢᠯ᠂ ᠢᠲᠡᠭᠡᠯ᠂ ᠪᠦᠯᠦᠭᠯᠡᠯ᠂ ᠲᠦᠯ ᠭᠡᠬᠦ ᠮᠡᠲᠦ᠃

ᠡᠭᠦᠨ ᠳᠦ ᠦᠭᠡ ᠶᠢᠨ ᠳᠣᠮᠳᠠ ᠣᠷᠣᠬᠣ «᠊ᠯ» ᠳᠦᠷᠰᠦ ᠨᠢ «ᠠ᠊»᠂ «ᠡ᠊» ᠶᠢᠨ ᠦᠭᠡ ᠶᠢᠨ ᠡᠴᠦᠰ ᠲᠦ ᠣᠷᠣᠬᠣ ᠳᠦᠷᠰᠦ ᠴᠠᠴᠤᠯᠭ᠎ᠠ «ᠡ᠋» ᠶᠢᠨ ᠡᠮᠦᠨ᠎ᠡ ᠯᠠ ᠳᠣᠬᠢᠶᠠᠯᠳᠤᠨ᠎ᠠ᠃


ᠠᠷᠪᠠᠨ ᠲᠠᠪᠤᠳᠤᠭᠠᠷ ᠦᠰᠦᠭ ᠰ(s) ᠭᠡᠢᠭᠦᠯᠦᠭᠴᠢ

ᠦᠭᠡ ᠶᠢᠨ ᠡᠬᠢᠨ ᠳᠦ «ᠰ» ᠳᠦᠷᠰᠦ ᠪᠡᠷ: ᠰᠠᠨᠠᠭ᠎ᠠ᠂ ᠰᠠᠬᠠᠯ᠂ ᠰᠡᠳᠭᠢᠯ᠂ ᠰᠡᠷᠢᠭᠦᠨ᠂ ᠰᠣᠨᠣᠷ᠂ ᠰᠣᠬᠣᠷ᠂ ᠰᠤᠯᠠ᠂ ᠰᠣᠮᠣ᠂ ᠰᠦᠨᠦᠬᠦ᠂ ᠰᠦᠮᠪᠦᠷ᠂ ᠰᠦᠭᠡ᠂ ᠰᠦᠯᠳᠡ᠃

ᠦᠭᠡ ᠶᠢᠨ ᠳᠣᠮᠳᠠ «᠊ᠰ᠊» ᠳᠦᠷᠰᠦ ᠪᠡᠷ: ᠠᠰᠠᠬᠤ᠂ ᠪᠣᠰᠬᠤ᠂ ᠡᠯᠰᠡᠬᠦ᠂ ᠲᠡᠰᠬᠦ᠂ ᠵᠤᠰᠠᠯᠠᠩ᠂ ᠠᠯᠤᠰᠯᠠᠬᠤ᠂ ᠥᠯᠦᠰᠬᠦ᠂ ᠪᠦᠰᠡᠯᠡᠬᠦ᠂ ᠰᠦᠰᠦ᠃

ᠦᠭᠡ ᠶᠢᠨ ᠠᠳᠠᠭ ᠲᠤ «᠊ᠰ» ᠳᠦᠷᠰᠦ ᠪᠡᠷ: ᠠᠭᠤᠯᠠᠰ᠂ ᠡᠷᠡᠰ᠂ ᠭᠦᠯᠢᠰ᠂ ᠤᠯᠤᠰ᠂ ᠣᠷᠣᠰ᠂ ᠨᠢᠰ᠂ ᠭᠤᠳᠤᠰ᠂ ᠥᠯᠥᠰ᠂ ᠪᠦᠰ ᠭᠡᠬᠦ ᠮᠡᠲᠦ᠃

«ᠰ» ᠭᠡᠢᠭᠦᠯᠦᠭᠴᠢ ᠲᠥᠷᠥᠯᠬᠢ ᠬᠡᠯᠡᠨ ᠦ ᠦᠭᠡᠨ ᠳᠦ «ᠢ» ᠡᠭᠡᠰᠢᠭ᠌ ᠦᠨ ᠡᠮᠦᠨ᠎ᠡ ᠳᠣᠬᠢᠶᠠᠯᠳᠤᠳᠠᠭ ᠦᠭᠡᠢ᠃


ᠠᠷᠪᠠᠨ ᠵᠢᠷᠭᠤᠳᠤᠭᠠᠷ ᠦᠰᠦᠭ ᠱ(š) ᠭᠡᠢᠭᠦᠯᠦᠭᠴᠢ

ᠦᠭᠡ ᠶᠢᠨ ᠡᠬᠢᠨ ᠳᠦ «ᠱ᠊» ᠳᠦᠷᠰᠦ ᠪᠡᠷ: ᠱᠠᠭ᠎ᠠ᠂ ᠱᠠᠯᠠᠮᠠᠭᠠᠢ᠂ ᠱᠣᠰᠢᠭ᠎ᠠ᠂ ᠱᠣᠷᠣ᠂ ᠱᠣᠩᠬᠤᠷ᠂ ᠱᠣᠭᠣᠮ᠂ ᠱᠦᠭᠦᠬᠦ᠂ ᠱᠦᠯᠦ᠃

ᠦᠭᠡ ᠶᠢᠨ ᠳᠣᠮᠳᠠ «᠊ᠱ᠊» ᠳᠦᠷᠰᠦ ᠪᠡᠷ: ᠲᠤᠱᠠ᠂ ᠪᠣᠱᠣᠭ᠂ ᠱᠠᠭᠱᠤᠤᠷᠭ᠎ᠠ᠃ ᠦᠭᠡ ᠶᠢᠨ ᠠᠳᠠᠭ ᠲᠤ «᠊ᠱ» ᠳᠦᠷᠰᠦ ᠪᠡᠷ: ᠲᠤᠤᠱ᠂ ᠪᠦᠷᠱ᠂ ᠲᠠᠱ ᠲᠠᠱ ᠭᠡᠬᠦ ᠮᠡᠲᠦ᠃

«ᠱ» ᠭᠡᠢᠭᠦᠯᠦᠭᠴᠢ «ᠢ» ᠡᠭᠡᠰᠢᠭ᠌ ᠦᠨ ᠡᠮᠦᠨ᠎ᠡ ᠲᠤᠰᠤᠯ ᠶᠢᠡᠨ ᠣᠷᠬᠢᠵᠤ ᠪᠢᠴᠢᠭ᠍ᠳᠡᠬᠦ ᠵᠣᠷᠰᠢᠯ ᠲᠠᠢ ᠪᠣᠯᠪᠠᠴᠤ᠂ ᠶᠠᠷᠢᠶᠠᠨ ᠤ ᠬᠡᠯᠡᠨ ᠳᠦ ᠮᠦᠨ «ᠱ» ᠶᠢᠡᠷ ᠳᠠᠭᠤᠳᠠᠭᠳᠠᠨ᠎ᠠ᠃ ᠵᠢᠱᠢᠶᠡᠯᠡᠪᠡᠯ: ᠰᠢᠨ᠎ᠡ᠂ ᠰᠢᠰᠢ᠂ ᠰᠢᠮ᠎ᠡ᠂ ᠰᠢᠯ᠂ ᠰᠢᠯᠢᠳᠡᠭ᠂ ᠡᠰᠢ᠂ ᠬᠤᠰᠢᠭ᠎ᠠ᠂ ᠲᠣᠭᠰᠢᠨ᠂ ᠣᠮᠣᠭᠰᠢᠯ᠂ ᠪᠤᠰᠢᠭᠤ ᠭᠡᠬᠦ ᠮᠡᠲᠦ᠃

ᠡᠭᠦᠨ ᠳᠦ «ᠵᠢᠱᠢᠶ᠎ᠡ» ᠭᠡᠬᠦ ᠦᠭᠡ ᠶᠢ «ᠵᠢᠰᠢᠶ᠎ᠡ»(ᠡᠭᠡᠯᠵᠢ ᠵᠢᠰᠢᠶ᠎ᠡ ᠶᠢᠨ) ᠭᠡᠳᠡᠭ ᠦᠭᠡ ᠡᠴᠡ ᠳᠦᠷᠰᠦ᠂ ᠳᠠᠭᠤᠳᠠᠯᠭ᠎ᠠ ᠢᠯᠭᠠᠬᠤ ᠶᠢᠨ ᠲᠤᠯᠠᠳᠠ «ᠱ» ᠭᠡᠢᠭᠦᠯᠦᠭᠴᠢ ᠶᠢᠨ ᠲᠤᠰᠤᠯ ᠢ ᠨᠢ ᠰᠡᠷᠭᠦᠭᠡᠵᠦ ᠪᠢᠴᠢᠳᠡᠭ ᠪᠠ «ᠱᠢᠷᠦ ᠰᠣᠪᠣᠳ» ᠤᠨ «ᠱᠢᠷᠦ» ᠶᠢ ᠲᠡᠦᠭᠡᠨ ᠤᠯᠠᠮᠵᠢᠯᠠᠯ ᠤᠨ ᠵᠠᠷᠴᠢᠮ ᠢ ᠪᠠᠷᠢᠮᠲᠠᠯᠠᠨ ᠮᠦᠨ ᠲᠤᠰᠤᠯ ᠲᠠᠢ ᠪᠢᠴᠢᠳᠡᠭ ᠵᠠᠩᠰᠢᠯ ᠲᠠᠢ ᠶᠣᠮ᠃


ᠠᠷᠪᠠᠨ ᠳᠣᠯᠣᠳᠤᠭᠠᠷ ᠦᠰᠦᠭ ᠲ(t) ᠭᠡᠢᠭᠦᠯᠦᠭᠴᠢ

ᠦᠭᠡ ᠶᠢᠨ ᠡᠬᠢᠨ ᠳᠦ «ᠲ» ᠳᠦᠷᠰᠦ ᠪᠡᠷ: ᠲᠠᠯ᠎ᠠ᠂ ᠲᠠᠪᠤ᠂ ᠲᠡᠷᠡ᠂ ᠲᠡᠭᠰᠢ᠂ ᠲᠣᠮᠣ᠂ ᠲᠣᠭ᠎ᠠ᠂ ᠲᠤᠵᠢ᠂ ᠲᠣᠯᠣᠮ᠂ ᠲᠥᠮᠡ᠂ ᠲᠦᠷᠦᠯ᠂ ᠲᠦᠰᠢ᠂ ᠲᠥᠯᠡᠭᠡ᠃

ᠦᠭᠡ ᠶᠢᠨ ᠳᠣᠮᠳᠠ ᠲᠦᠷᠦᠯᠬᠢ ᠭᠡᠯᠡ ᠦ ᠦᠭᠡᠨ ᠳᠦ «᠊ᠲ᠊»᠂ ᠬᠠᠷᠢ ᠭᠠᠷᠤᠯᠲᠠᠢ ᠦᠭᠡᠨ ᠳᠦ «᠊ᠲ᠋᠊» ᠳᠦᠷᠰᠦ ᠪᠡᠷ: ᠠᠯᠲᠠ(ᠠᠯᠲᠠ ᠮᠥᠩᠬᠡ ᠶᠢᠨ)᠂ ᠬᠠᠮᠲᠤ᠂ ᠣᠯᠣᠯᠲᠠ᠂ ᠬᠠᠲᠠᠭᠤ᠂ ᠮᠥᠨᠲᠦᠭᠡᠷ᠂ ᠪᠦᠯᠲᠡᠭᠡᠷ᠂ ᠯᠠᠲ᠋ᠢᠨ᠂ ᠢᠨᠲ᠋ᠧᠷᠨᠠᠼᠢᠦᠨᠠᠯ᠂ ᠰᠲ᠋ᠠᠯᠢᠨ᠂ ᠲᠠᠲ᠋ᠠᠷ ᠭᠡᠬᠦ ᠮᠡᠲᠦ᠃

«ᠲ» ᠭᠡᠢᠭᠦᠯᠦᠭᠴᠢ ᠲᠦᠷᠦᠯᠬᠢ ᠬᠡᠯᠡᠨ ᠦ ᠦᠭᠡ ᠶᠢᠨ ᠡᠴᠦᠰ ᠲᠦ ᠳᠣᠬᠢᠶᠠᠯᠳᠤᠬᠤ ᠦᠭᠡᠢ᠂ ᠬᠠᠷᠢᠨ ᠬᠠᠷᠢ ᠭᠠᠷᠤᠯᠲᠠᠢ ᠦᠭᠡ ᠶᠢᠨ ᠡᠴᠦᠰ ᠲᠦ «᠊ᠲ» ᠳᠦᠷᠰᠦ ᠪᠡᠷ ᠪᠢᠴᠢᠭ᠍ᠳᠡᠬᠦ ᠨᠢ ᠪᠣᠢ᠃ ᠵᠢᠱᠢᠶᠡᠯᠡᠪᠡᠯ: ᠨᠣᠲ᠂ ᠹᠠᠰᠢᠰᠲ᠂ ᠹᠷᠣᠨ᠋ᠲ᠂ ᠮᠢᠨ᠋ᠦ᠋ᠲ᠂ ᠠᠲᠠᠯᠠᠨᠲ ᠭᠡᠬᠦ ᠮᠡᠲᠦ᠃

«ᠲ» ᠭᠡᠢᠭᠦᠯᠦᠭᠴᠢ ᠨᠢ «ᠢ» ᠡᠭᠡᠰᠢᠭ᠌ ᠦᠨ ᠡᠮᠦᠨ᠎ᠡ ᠲᠥᠷᠦᠯᠬᠢ ᠬᠡᠯᠡᠨ ᠦ ᠦᠭᠡᠨ ᠳᠦ ᠪᠠᠷᠤᠭ ᠳᠣᠬᠢᠶᠠᠯᠳᠤᠬᠤ ᠦᠭᠡᠢ᠂ ᠭᠡᠪᠡᠴᠤ ᠵᠠᠷᠢᠮ ᠵᠢᠭᠡᠯᠡᠭᠡ ᠦᠭᠡᠨ᠎ᠡ ᠬᠠᠶᠠ ᠳᠣᠬᠢᠶᠠᠯᠳᠤᠨ᠎ᠠ᠃ ᠵᠢᠱᠢᠶᠡᠯᠡᠪᠡᠯ: ᠲᠢᠳᠡᠮ᠂ ᠲᠢᠩᠬᠢᠮ᠂ ᠲᠢᠪ ᠭᠡᠬᠦ ᠮᠡᠲᠦ᠃


ᠠᠷᠪᠠᠨ ᠨᠠᠢᠮᠠᠳᠤᠭᠠᠷ ᠦᠰᠦᠭ ᠳ(d) ᠭᠡᠢᠭᠦᠯᠦᠭᠴᠢ

ᠦᠭᠡ ᠶᠢᠨ ᠡᠬᠢᠨ ᠳᠦ «ᠳ᠊» ᠳᠦᠷᠰᠦ ᠪᠡᠷ: ᠳᠠᠯᠠᠢ᠂ ᠳᠠᠪᠬᠤᠷ᠂ ᠳᠡᠭᠡᠷ᠎ᠡ᠂ ᠳᠡᠪᠢᠬᠦᠷ᠂ ᠳᠣᠣᠷ᠎ᠠ ᠳᠣᠷᠵᠢ᠂ ᠳᠥᠭᠥᠮ᠂ ᠳᠥᠷᠥᠭᠡ᠂ ᠲᠥᠯᠦ᠃

ᠦᠭᠡ ᠶᠢᠨ ᠳᠣᠮᠳᠠ ᠡᠭᠡᠰᠢᠭ᠌ ᠦᠨ ᠡᠮᠦᠨ᠎ᠡ «ᠳ»᠂ ᠡᠭᠡᠰᠢᠭ᠌ ᠦᠨ ᠳᠠᠷᠠᠭ᠎ᠠ ᠳᠡᠪᠢᠰᠭᠡᠷᠯᠡᠨ ᠣᠷᠣᠬᠣ ᠳᠦᠷᠰᠦ ᠶᠢ ᠨᠢ «᠊ᠳ᠊» ᠶᠢᠡᠷ: ᠠᠳᠤᠭᠤ᠂ ᠴᠢᠳᠠᠬᠤ᠂ ᠰᠡᠳᠦᠪ᠂ ᠡᠳᠡᠭᠡᠷ᠂ ᠢᠳᠡᠭᠦ᠂ ᠨᠢᠳᠭᠡᠯ᠂ ᠰᠡᠳᠭᠢᠯ᠂ ᠴᠠᠳᠬᠤ᠂ ᠣᠳᠬᠤ᠂ ᠰᠦᠭᠦᠳᠬᠦ᠂ ᠲᠦᠢᠳᠭᠡᠷ᠃

ᠦᠭᠡ ᠶᠢᠨ ᠠᠳᠠᠭ ᠲᠤ «᠊ᠳ» ᠳᠦᠷᠰᠦ ᠪᠡᠷ: ᠠᠷᠠᠳ᠂ ᠱᠠᠳ᠂ ᠡᠲᠡᠭᠡᠳ᠂ ᠦᠵᠡᠭᠡᠳ᠂ ᠬᠤᠯᠠᠳ᠂ ᠰᠤᠯᠠᠳ᠂ ᠪᠠᠷᠴᠢᠳ᠂ ᠵᠦᠷᠢᠭᠦᠳ ᠭᠡᠬᠦ ᠮᠡᠲᠦ᠃

«ᠲ(t)»ᠭᠡᠢᠭᠦᠯᠦᠭᠴᠢ ᠡᠴᠡ ᠳᠦᠷᠰᠦ᠂ ᠳᠠᠭᠤᠳᠠᠯᠭ᠎ᠠ ᠶᠢ ᠨᠢ ᠢᠯᠭᠠᠬᠤ ᠶᠢᠨ ᠲᠤᠯᠠᠳᠠ ᠪᠠᠰᠠ «ᠳ᠊(d)» ᠭᠡᠢᠭᠦᠯᠦᠭᠴᠢ ᠶᠢ ᠦᠭᠡ ᠶᠢᠨ ᠡᠬᠢᠨ ᠳᠦ «ᠳ» ᠳᠦᠷᠰᠦ ᠪᠡᠷ: ᠳ᠋ᠠᠮ(ᠳ᠋ᠠᠮ ᠢᠯᠳᠦ ᠶᠢᠨ)᠂ ᠳ᠋ᠠᠰᠢ᠂ ᠳ᠋ᠦᠩ ᠭᠡᠬᠦ ᠮᠡᠲᠦ ᠪᠡᠷ ᠴᠥᠬᠡᠪᠲᠦᠷ ᠦᠭᠡᠨ ᠳᠦ ᠪᠢᠴᠢᠳᠡᠭ ᠶᠣᠮ᠃

ᠦᠭᠡ ᠶᠢᠨ ᠠᠳᠠᠭ ᠲᠤ ᠪᠠᠰᠠ «᠊ᠳ᠋» ᠳᠦᠷᠰᠦ ᠪᠡᠷ: ᠡᠳ᠋᠂ ᠲᠡᠳ᠋ ᠭᠡᠬᠦ ᠮᠡᠲᠦ ᠪᠡᠷ ᠪᠢᠴᠢᠬᠦ ᠨᠢ ᠪᠣᠢ᠃ ᠡᠨᠡ ᠨᠢ ᠣᠣᠯ ᠦᠭᠡ ᠶᠢ «ᠡᠳ»᠂ «ᠲᠡᠳ»(ᠳᠠᠰᠴᠤ ᠳᠠᠳᠬᠤ ᠶᠢᠨ) ᠭᠡᠬᠦ ᠦᠭᠡᠨ ᠡᠴᠡ ᠲᠤᠰ ᠲᠤᠰ ᠳᠦᠷᠰᠦ᠂ ᠳᠠᠭᠤᠳᠠᠯᠭ᠎ᠠ ᠢᠯᠭᠠᠬᠤ ᠵᠣᠷᠢᠯᠭ᠎ᠠ ᠡᠴᠡ ᠪᠣᠯᠤᠭᠰᠠᠨ ᠪᠠᠢᠵᠠᠢ᠃


ᠠᠷᠪᠠᠨ ᠶᠢᠰᠦᠳᠦᠭᠡᠷ ᠦᠰᠦᠭ ᠴ(č) ᠭᠡᠢᠭᠦᠯᠦᠭᠴᠢ

ᠦᠭᠡ ᠶᠢᠨ ᠡᠬᠢᠨ ᠳᠦ «ᠴ᠊» ᠳᠦᠷᠰᠦ ᠪᠡᠷ: ᠴᠠᠭᠠᠨ᠂ ᠴᠠᠭᠠᠵᠠ᠂ ᠴᠡᠪᠡᠷ᠂ ᠴᠡᠭᠡᠨ᠂ ᠴᠢᠳᠠᠯ᠂ ᠴᠢᠰᠤ᠂ ᠴᠣᠮᠣ᠂ ᠴᠣᠪᠣᠭᠤ᠂ ᠴᠤᠯᠠ᠂ ᠴᠣᠬᠣᠮ᠂ ᠴᠥᠬᠡᠨ᠂ ᠴᠥᠮ᠂ ᠴᠦᠯᠡᠬᠦ᠂ ᠴᠦᠯᠲᠦ᠃

ᠦᠭᠡ ᠶᠢᠨ ᠳᠣᠮᠳᠠ «᠊ᠴ᠊» ᠳᠦᠷᠰᠦ ᠪᠡᠷ: ᠨᠢᠴᠡ᠂ ᠪᠣᠴᠠᠬᠤ᠂ ᠰᠡᠴᠡᠨ᠂ ᠡᠴᠡᠬᠦ᠂ ᠰᠣᠴᠢᠬᠤ᠂ ᠣᠴᠢᠬᠤ᠂ ᠥᠴᠢᠭ᠌᠂ ᠵᠦᠴᠦᠭᠡ᠂ ᠰᠦᠷᠴᠢᠬᠦ᠂ ᠴᠢᠴᠢᠬᠦ᠂ ᠬᠦᠴᠦᠨ᠂ ᠠᠴᠢ ᠭᠡᠬᠦ ᠮᠡᠲᠦ᠃

«ᠴ» ᠭᠡᠢᠭᠦᠯᠦᠭᠴᠢ ᠲᠦᠷᠦᠯᠬᠢ ᠭᠡᠯᠡᠨ ᠦ ᠦᠭᠡ ᠶᠢᠨ ᠠᠳᠠᠭ ᠲᠤ ᠣᠷᠣᠳᠠᠭ ᠦᠭᠡᠢ᠃


ᠬᠣᠷᠢᠳᠤᠭᠠᠷ ᠦᠰᠦᠭ ᠵ(ǰ) ᠭᠡᠢᠭᠦᠯᠦᠭᠴᠢ

ᠦᠭᠡ ᠶᠢᠨ ᠡᠬᠢᠨ ᠳᠦ «ᠵ᠊» ᠳᠦᠷᠰᠦ ᠪᠡᠷ: ᠵᠠᠯᠠᠭᠤ᠂ ᠵᠠᠪᠠᠯ᠂ ᠵᠠᠯ᠎ᠠ᠂ ᠵᠡᠭᠡᠰᠦ᠂ ᠵᠢᠯ᠂ ᠵᠢᠩᠬᠢᠨᠢ᠂ ᠵᠤᠯ᠂ ᠵᠣᠪᠠᠬᠤ᠂ ᠵᠤᠯᠠ᠂ ᠵᠤᠵᠠᠭᠠᠨ᠂ ᠵᠥᠭᠡᠯᠡᠨ᠂ ᠵᠥᠪ᠂ ᠵᠦᠭᠡᠷ᠂ ᠵᠦᠯᠭᠦᠬᠦ᠃

ᠦᠭᠡ ᠶᠢᠨ ᠳᠣᠮᠳᠠ «᠊ᠵ᠊» ᠳᠦᠷᠰᠦ ᠪᠡᠷ: ᠬᠠᠵᠠᠭᠤ᠂ ᠠᠵᠠ᠂ ᠵᠤᠯᠵᠠᠭ᠎ᠠ᠂ ᠵᠤᠵᠠᠭᠠᠨ᠂ ᠬᠦᠵᠦᠭᠦᠦ᠂ ᠰᠡᠵᠢᠭ᠌᠂ ᠡᠮᠵᠡᠭ᠂ ᠪᠣᠯᠵᠣᠬᠣ᠂ ᠦᠯᠡᠮᠵᠢ᠃

ᠳᠣᠮᠳᠠ ᠦᠶ᠎ᠡ ᠶᠢᠨ ᠪᠢᠴᠢᠭ᠌ ᠦᠨ ᠬᠡᠯᠡᠨ ᠳᠦ ᠵᠠᠷᠢᠮ ᠴᠥᠭᠡᠪᠲᠦᠷ ᠦᠭᠡᠨ ᠳᠦ ᠪᠠᠰᠠ «ᠠ᠊»᠂ «ᠡ᠊» ᠡᠭᠡᠰᠢᠭ᠌ ᠦᠨ ᠦᠭᠡ ᠶᠢᠨ ᠡᠴᠦᠰ ᠲᠦ ᠣᠷᠣᠳᠠᠭ ᠳᠦᠷᠰᠦ ᠴᠠᠴᠤᠯᠭ᠎ᠠ «ᠡ᠋» ᠶᠢᠨ ᠡᠮᠦᠨ᠎ᠡ ᠦᠭᠡ ᠶᠢᠨ ᠳᠣᠮᠳᠠ «᠊ᠶ» ᠳᠦᠷᠰᠦ ᠪᠡᠷ: ᠪᠣᠢ ᠊ᠶ᠎ᠠ᠂ ᠠᠮᠣᠢ ᠊ᠶ᠎ᠠ᠂ ᠪᠠᠢᠮᠣᠢ ᠊ᠶ᠎ᠠ᠂ ᠢᠷᠡᠮᠣᠢ ᠊ᠶ᠎ᠠ᠂ ᠦᠵᠡᠮᠣᠢ ᠊ᠶ᠎ᠠ ᠭᠡᠬᠦ ᠮᠡᠲᠥ ᠪᠡᠷ ᠪᠢᠴᠢᠭ᠍ᠳᠡᠵᠦ ᠢᠷᠡᠵᠡᠢ᠃ ᠡᠭᠦᠨ ᠢ ᠶᠠᠷᠢᠶᠠᠨ ᠳᠤ ᠮᠦᠨ «ᠵ(ǰ)» ᠶᠢᠡᠷ ᠣᠩᠰᠢᠬᠣ ᠨᠢ ᠵᠦᠪ᠂ ᠬᠠᠷᠢᠨ «ᠢ᠊(i)» ᠪᠣᠶᠤ «ᠶ᠊(y)» ᠶᠢᠡᠷ ᠣᠩᠰᠢᠪᠠᠯ ᠲᠠᠰᠢᠶᠠᠷᠠᠬᠤ ᠪᠣᠯᠣᠨ᠎ᠠ᠃


ᠬᠣᠷᠢᠨ ᠨᠢᠭᠡᠳᠦᠭᠡᠷ ᠦᠰᠦᠭ ᠶ(y) ᠭᠡᠢᠭᠦᠯᠦᠭᠴᠢ

ᠦᠭᠡ ᠶᠢᠨ ᠡᠬᠢᠨ ᠳᠦ «ᠶ» ᠳᠦᠷᠰᠦ ᠪᠡᠷ: ᠶᠠᠮᠠᠷ᠂ ᠶᠠᠪᠤᠳᠠᠯ᠂ ᠶᠡᠬᠡ᠂ ᠶᠡᠷᠦᠩᠬᠡᠢ᠂ ᠶᠢᠰᠦ᠂ ᠶᠣᠰᠣ᠂ ᠶᠣᠯᠣ᠂ ᠶᠣᠭᠤᠬᠤ᠂ ᠶᠦᠮᠦᠷ᠂ ᠶᠦᠩᠳᠠᠩ᠃

ᠦᠭᠡ ᠶᠢᠨ ᠳᠣᠮᠳᠠ «᠊ᠶ᠊» ᠳᠦᠷᠰᠦ ᠪᠡᠷ: ᠠᠶᠠᠯᠭᠤ᠂ ᠪᠠᠶᠠᠨ᠂ ᠪᠡᠶᠡᠯᠡᠬᠦ᠂ ᠡᠶᠡᠲᠦᠬᠦ᠂ ᠰᠠᠶᠢ᠂ ᠠᠶᠤᠯ᠂ ᠬᠦᠶᠦᠳᠡᠯ᠂ ᠰᠥᠶᠥᠭᠡ᠂ ᠦᠭᠶᠦᠭᠡ ᠭᠡᠬᠦ ᠮᠡᠲᠦ᠃

ᠡᠭᠦᠨ ᠳᠦ «ᠶ» ᠭᠡᠢᠭᠦᠯᠦᠭᠴᠢ ᠨᠢ «ᠠ᠊»᠂ «ᠡ᠊» ᠡᠭᠡᠰᠢᠭ᠌ ᠦᠨ ᠦᠭᠡ ᠶᠢᠨ ᠡᠴᠦᠰ ᠲᠦ ᠣᠷᠣᠬᠤ ᠳᠦᠷᠰᠦ ᠴᠠᠴᠤᠯᠭ᠎ᠠ «ᠡ᠋» ᠶᠢᠨ ᠡᠮᠦᠨ᠎ᠡ «᠊ᠶ» ᠳᠦᠷᠰᠦ ᠪᠡᠷ ᠪᠢᠴᠢᠭ᠍ᠳᠡᠳᠡᠭ᠃ ᠵᠢᠱᠢᠶᠡᠯᠡᠪᠡᠯ: ᠣᠴᠢᠶ᠎ᠠ᠂ ᠶᠠᠪᠤᠶ᠎ᠠ᠂ ᠢᠷᠡᠶ᠎ᠡ ᠦᠵᠡᠶ᠎ᠡ᠂ ᠬᠦᠷᠦᠶ᠎ᠡ᠂ ᠭᠦᠶᠦᠶ᠎ᠡ ᠭᠡᠬᠦ ᠮᠡᠲᠦ᠃

«ᠶ» ᠭᠡᠢᠭᠦᠯᠦᠭᠴᠢ ᠲᠥᠷᠥᠯᠬᠢ ᠬᠡᠯᠡᠨ ᠦ ᠦᠭᠡ ᠶᠢᠨ ᠠᠳᠠᠭ ᠲᠤ ᠣᠷᠣᠳᠠᠭ ᠦᠭᠡᠢ᠃


ᠬᠣᠷᠢᠨ ᠬᠣᠶᠠᠳᠤᠭᠠᠷ ᠦᠰᠦᠭ ᠷ(r) ᠭᠡᠢᠭᠦᠯᠦᠭᠴᠢ

ᠦᠭᠡ ᠶᠢᠨ ᠡᠬᠢᠨ ᠳᠦ «ᠷ» ᠳᠦᠷᠰᠦ ᠪᠡᠷ: ᠷᠠᠰᠢ᠂ ᠷᠠᠳᠨ᠎ᠠ᠂ ᠷᠠᠰᠢᠶᠠᠨ᠂ ᠷᠢᠯᠤ᠂ ᠷᠤᠮᠠᠨ᠃

ᠦᠭᠡ ᠶᠢᠨ ᠳᠣᠮᠳᠠ «ᠷ» ᠳᠦᠷᠰᠦ ᠪᠡᠷ: ᠰᠠᠷᠠᠭᠤᠯ᠂ ᠠᠷᠠᠳ᠂ ᠲᠡᠷᠭᠡ᠂ ᠡᠷᠡᠭᠦᠯ᠂ ᠠᠷᠢᠭᠤᠨ᠂ ᠪᠠᠷᠢᠭᠤᠯ᠂ ᠰᠣᠷᠣᠬᠣ᠂ ᠭᠣᠷᠣᠬ᠎ᠠ᠂ ᠭᠤᠷᠪᠠ᠂ ᠬᠦᠷᠬᠦ᠂ ᠥᠷᠥᠮ᠎ᠡ ᠭᠡᠬᠦ ᠮᠡᠲᠦ᠃

«ᠠ᠊»᠂ «ᠡ᠊» ᠡᠭᠡᠰᠢᠭ᠌ ᠦᠨ ᠦᠭᠡ ᠶᠢᠨ ᠡᠴᠦᠰ ᠲᠦ ᠣᠷᠣᠬᠣ ᠳᠦᠷᠰᠦ ᠴᠠᠴᠤᠯᠭ᠎ᠠ «ᠡ᠋» ᠶᠢᠨ ᠡᠮᠦᠨ᠎ᠡ «᠊ᠷ» ᠳᠦᠷᠰᠦ ᠪᠡᠷ: ᠬᠠᠷ᠎ᠠ᠂ ᠰᠠᠷ᠎ᠠ᠂ ᠭᠡᠷ᠎ᠡ᠂ ᠳᠡᠷ᠎ᠡ᠂ ᠪᠢᠷ᠎ᠠ᠂ ᠬᠢᠷ᠎ᠡ᠂ ᠭᠦᠷᠦᠷ᠎ᠡ᠃

ᠦᠭᠡ ᠶᠢᠨ ᠠᠳᠠᠭ ᠲᠤ «᠊ᠷ» ᠳᠦᠷᠰᠦ ᠪᠡᠷ: ᠰᠠᠷ᠂ ᠭᠠᠷ᠂ ᠭᠡᠷ᠂ ᠬᠡᠭᠡᠷ᠂ ᠪᠢᠷ᠂ ᠢᠷ᠂ ᠰᠤᠷ᠂ ᠰᠦᠷ᠂ ᠨᠥᠬᠥᠷ᠂ ᠦᠬᠡᠷ ᠭᠡᠬᠦ ᠮᠡᠲᠦ᠃


ᠬᠣᠷᠢᠨ ᠭᠤᠷᠪᠠᠳᠤᠭᠠᠷ ᠦᠰᠦᠭ ᠸ(w) ᠭᠡᠢᠭᠦᠯᠦᠭᠴᠢ

ᠦᠭᠡ ᠶᠢᠨ ᠡᠬᠢᠨ ᠳᠦ «ᠸ᠊» ᠳᠦᠷᠰᠦ ᠪᠡᠷ: ᠸᠠᠭᠠᠷ᠂ ᠸᠠᠳᠠᠩ᠂ ᠸᠠᠯᠠᠬᠤ᠂ ᠸᠠᠩᠴᠢᠨ᠂ ᠸᠠᠩᠵᠢᠯ᠂ ᠸᠠᠰᠢᠩᠲ᠋ᠤᠨ᠂ ᠸᠠᠰᠢ ᠳᠠ᠃

ᠦᠭᠡ ᠶᠢᠨ ᠳᠣᠮᠳᠠ «᠊ᠸ᠊» ᠳᠦᠷᠰᠦ ᠪᠡᠷ: ᠳᠠᠸᠠ᠂ ᠲᠠᠸᠠᠷ᠂ ᠭᠢᠸᠠᠩ᠃

ᠦᠭᠡ ᠶᠢᠨ ᠠᠳᠠᠭ ᠲᠤ «᠊ᠸ» ᠳᠦᠷᠰᠦ ᠪᠡᠷ: ᠺᠣᠯᠢᠺᠣᠸ᠂ ᠪᠢᠯᠧᠺᠦᠸ ᠭᠡᠬᠦ ᠮᠡᠲᠦ ᠴᠥᠭᠡᠪᠲᠦᠷ ᠬᠠᠷᠢ ᠭᠠᠷᠤᠯᠲᠠᠢ ᠦᠭᠡ(ᠬᠦᠮᠦᠨ ᠦ ᠨᠡᠷ᠎ᠡ) ᠶᠢ ᠳᠡᠮᠳᠡᠭᠯᠡᠳᠡᠭ ᠶᠣᠮ᠃


ᠬᠣᠷᠢᠨ ᠳᠥᠷᠪᠡᠳᠦᠭᠡᠷ ᠦᠰᠦᠭ ᠊ᠩ᠊(nɡ) ᠭᠡᠢᠭᠦᠯᠦᠭᠴᠢ

ᠦᠭᠡ ᠶᠢᠨ ᠳᠣᠮᠳᠠ ᠣᠷᠣᠬᠣ ᠳᠦᠷᠰᠦ ᠨᠢ «᠊ᠩ᠊»ᠪᠣᠯᠣᠨ᠎ᠠ᠃ ᠵᠢᠱᠢᠶᠡᠯᠡᠪᠡᠯ: ᠠᠩᠬ᠎ᠠ᠂ ᠲᠠᠩᠭᠢᠰ᠂ ᠰᠢᠩᠭᠡᠨ᠂ ᠢᠩᠭᠡ᠂ ᠬᠣᠩᠬᠣ᠂ ᠰᠤᠩᠭᠢᠨ᠎ᠠ᠂ ᠤᠩᠭᠠᠰᠤ᠂ ᠮᠥᠩᠭᠡ᠂ ᠮᠥᠩᠭᠦ ᠭᠡᠬᠦ ᠮᠡᠲᠦ᠃

ᠦᠭᠡ ᠶᠢᠨ ᠠᠳᠠᠭ ᠲᠤ ᠣᠷᠣᠬᠣ ᠳᠦᠷᠰᠦ ᠨᠢ «᠊ᠩ» ᠪᠣᠯᠣᠨ᠎ᠠ᠃ ᠵᠢᠱᠢᠶᠡᠯᠡᠪᠡᠯ: ᠵᠠᠩ᠂ ᠰᠠᠩ᠂ ᠰᠡᠷᠭᠦᠯᠡᠩ᠂ ᠦᠵᠡᠰᠭᠦᠯᠡᠩ᠂ ᠳ᠋ᠦᠩ ᠭᠡᠬᠦ ᠮᠡᠲᠦ᠃

«᠊ᠩ» ᠭᠡᠢᠭᠦᠯᠦᠭᠴᠢ ᠦᠭᠡ ᠶᠢᠨ ᠡᠬᠢᠨ ᠳᠦ ᠣᠷᠣᠬᠣ ᠦᠭᠡᠢ᠂ ᠵᠦᠪᠬᠡᠨ ᠦᠭᠡ ᠶᠢᠨ ᠳᠣᠮᠳᠠ ᠪᠠ ᠠᠳᠠᠭ ᠲᠤ ᠡᠭᠡᠰᠢᠭ᠌ ᠦᠨ ᠳᠠᠷᠠᠭ᠎ᠠ ᠳᠡᠪᠢᠰᠭᠡᠷᠯᠡᠨ ᠣᠷᠣᠳᠠᠭ ᠶᠣᠮ᠃ ᠦᠭᠡ ᠶᠢᠨ ᠳᠣᠮᠳᠠ ᠣᠷᠣᠬᠣ ᠳᠤ ᠪᠡᠨ ᠮᠦᠨ ᠡᠭᠡᠰᠢᠭ᠌ ᠦᠨ ᠡᠮᠦᠨ᠎ᠡ ᠣᠷᠣᠬᠣ ᠦᠭᠡᠢ᠃


ᠬᠣᠷᠢᠨ ᠲᠠᠪᠤᠳᠤᠭᠠᠷ ᠦᠰᠦᠭ ᠹ(f) ᠭᠡᠢᠭᠦᠯᠦᠭᠴᠢ

ᠦᠭᠡ ᠶᠢᠨ ᠡᠬᠢᠨ ᠳᠦ «ᠹ᠊» ᠳᠦᠷᠰᠦ ᠪᠡᠷ: ᠹᠧᠣᠳᠠᠯ᠂ ᠹᠷᠠᠨᠼᠢ᠂ ᠹᠠᠰᠢᠰᠲ᠂ ᠹᠷᠥᠨᠲ᠂ ᠹᠢᠽᠢᠺ᠂ ᠹᠣᠰᠹᠣᠷ᠃

ᠦᠭᠡ ᠶᠢᠨ ᠳᠣᠮᠳᠠ «᠊ᠹ᠊» ᠳᠦᠷᠰᠦ ᠪᠡᠷ: ᠠᠹᠷᠢᠺᠠ᠂ ᠺᠣᠹᠧ᠃

ᠦᠭᠡ ᠶᠢᠨ ᠠᠳᠠᠭ ᠲᠤ «᠊ᠹ» ᠳᠦᠷᠰᠦ ᠪᠡᠷ: ᠮᠠᠯᠳᠠᠢᠹ(ᠤᠯᠤᠰ ᠤᠨ ᠨᠡᠷ᠎ᠡ)᠂ ᠲᠠᠨᠠᠨᠠᠷᠢᠹ(ᠬᠣᠲᠠ ᠶᠢᠨ ᠨᠡᠷ᠎ᠡ) ᠭᠡᠬᠦ ᠮᠡᠲᠦ᠃


ᠬᠣᠷᠢᠨ ᠵᠢᠷᠭᠤᠳᠤᠭᠠᠷ ᠦᠰᠦᠭ ᠺ(k) ᠭᠡᠢᠭᠦᠯᠦᠭᠴᠢ

ᠦᠭᠡ ᠶᠢᠨ ᠡᠬᠢᠨ ᠳᠦ «ᠺ᠊» ᠳᠦᠷᠰᠦ ᠪᠡᠷ: ᠺᠠᠯᠢ᠂ ᠺᠠᠲᠠᠷ᠂ ᠺᠢᠨ᠋ᠤ᠋᠂ ᠺᠠᠲ᠋ᠣᠯᠢᠭ᠂ ᠺᠠᠷᠲ᠂ ᠺᠷᠢᠯ᠃

ᠦᠭᠡ ᠶᠢᠨ ᠳᠣᠮᠳᠠ «᠊ᠺ᠊» ᠳᠦᠷᠰᠦ ᠪᠡᠷ: ᠠᠮᠧᠷᠢᠺᠠ᠂ ᠪᠠᠺᠲ᠋ᠧᠷᠢ᠂ ᠰᠧᠺᠦ᠋ᠨ᠋ᠳ᠋᠃

ᠦᠭᠡ ᠶᠢᠨ ᠠᠳᠠᠭ ᠲᠤ «᠊ᠺ» ᠳᠦᠷᠰᠦ ᠪᠡᠷ: ᠪᠠᠯᠽᠠᠺ᠂ ᠹᠢᠽᠢᠺ᠂ ᠲᠦᠷᠺ ᠭᠡᠬᠦ ᠮᠡᠲᠦ᠃


ᠬᠣᠷᠢᠨ ᠳᠣᠯᠣᠳᠤᠭᠠᠷ ᠦᠰᠦᠭ ᠼ(c) ᠭᠡᠢᠭᠦᠯᠦᠭᠴᠢ

ᠦᠭᠡ ᠶᠢᠨ ᠡᠬᠢᠨ ᠳᠦ «ᠼ᠊» ᠳᠦᠷᠰᠦ ᠪᠡᠷ: ᠼᠧᠯᠰ᠂ ᠼᠢᠷᠺ᠂ ᠼᠠᠨᠮᠦ᠃

ᠦᠭᠡ ᠶᠢᠨ ᠳᠣᠮᠳᠠ «᠊ᠼ᠊» ᠳᠦᠷᠰᠦ ᠪᠡᠷ: ᠹᠷᠠᠨᠼᠢ᠂ ᠣᠬᠣᠼᠺ(ᠲᠠᠩᠭᠢᠰ ᠤᠨ ᠨᠡᠷ᠎ᠡ)᠂ ᠰᠲ᠋ᠠᠨ᠋ᠼᠢ᠂ ᠢᠨᠲ᠋ᠧᠷᠨᠠᠼᠢᠦᠨᠠᠯ᠃

ᠦᠭᠡ ᠶᠢᠨ ᠠᠳᠠᠭ ᠲᠤ «᠊ᠼ» ᠳᠦᠷᠰᠦ ᠪᠡᠷ: ᠺᠠᠯᠼ ᠭᠡᠬᠦ ᠮᠡᠲᠦ᠃


ᠬᠣᠷᠢᠨ ᠨᠠᠢᠮᠠᠳᠤᠭᠠᠷ ᠦᠰᠦᠭ ᠽ(z) ᠭᠡᠢᠭᠦᠯᠦᠭᠴᠢ

ᠦᠭᠡ ᠶᠢᠨ ᠡᠬᠢᠨ ᠳᠦ «ᠽ᠊» ᠳᠦᠷᠰᠦ ᠪᠡᠷ: ᠽᠠᠨᠳᠠᠨ᠂ ᠽᠠᠶ᠎ᠠ᠂ ᠽᠠᠳᠢ᠃

ᠦᠭᠡ ᠶᠢᠨ ᠳᠣᠮᠳᠠ «᠊ᠽ᠊» ᠳᠦᠷᠰᠦ ᠪᠡᠷ: ᠠᠽᠢᠶ᠎ᠠ᠂ ᠠᠮᠠᠽᠣᠨᠠᠰ(ᠮᠦᠷᠡᠨ ᠦ ᠨᠡᠷ᠎ᠡ)᠂ ᠡᠮᠦᠨᠡᠲᠦ ᠮᠠᠺᠧᠡᠽᠢ(ᠭᠠᠵᠠᠷ ᠣᠷᠣᠨ ᠤ ᠨᠡᠷ᠎ᠡ)᠃

ᠦᠭᠡ ᠶᠢᠨ ᠠᠳᠠᠭ ᠲᠤ «᠊ᠽ» ᠳᠦᠷᠰᠦ ᠪᠡᠷ: ᠪᠧᠯᠢᠽ(ᠤᠯᠤᠰ ᠤᠨ ᠨᠡᠷ᠎ᠡ) ᠭᠡᠬᠦ ᠮᠡᠲᠦ᠃


ᠬᠣᠷᠢ ᠶᠢᠰᠦᠳᠦᠭᠡᠷ ᠦᠰᠦᠭ ᠿ(ž) ᠭᠡᠢᠭᠦᠯᠦᠭᠴᠢ

ᠦᠭᠡ ᠶᠢᠨ ᠡᠬᠢᠨ ᠳᠦ «ᠿ᠊» ᠳᠦᠷᠰᠦ ᠪᠡᠷ: ᠿᠢ ᠲᠠᠨ ᠴᠡᠴᠡᠷᠯᠢᠭ᠌᠂ ᠭᠦᠧᠧ ᠮᠦᠧᠧ ᠿᠦᠧᠧ᠂ ᠢᠦᠢ ᠿᠦᠩ(ᠬᠦᠮᠦᠨ ᠦ ᠨᠡᠷ᠎ᠡ) ᠭᠡᠬᠦ ᠮᠡᠲᠦ᠃

«ᠿ» ᠭᠡᠢᠭᠦᠯᠦᠭᠴᠢ ᠨᠢ ᠭᠣᠣᠯᠳᠠᠭᠤ ᠬᠢᠲᠠᠳ ᠬᠡᠯᠡ ᠶᠢ ᠠᠪᠢᠶᠠᠴᠢᠯᠠᠨ ᠲᠡᠮᠳᠡᠭᠯᠡᠬᠦ ᠳᠦ ᠬᠡᠷᠡᠭᠯᠡᠭᠳᠡᠳᠡᠭ ᠪᠣᠯᠬᠣᠷ ᠦᠭᠡ ᠶᠢᠨ ᠳᠣᠮᠳᠠ ᠪᠠ ᠠᠳᠠᠭ ᠲᠤ ᠳᠣᠬᠢᠶᠠᠯᠳᠤᠬᠤ ᠦᠭᠡᠢ᠃


ᠭᠤᠴᠢᠳᠤᠭᠠᠷ ᠦᠰᠦᠭ ᠾ(h) ᠭᠡᠢᠭᠦᠯᠦᠭᠴᠢ

ᠦᠭᠡ ᠶᠢᠨ ᠡᠬᠢᠨ ᠳᠦ «ᠾ᠊» ᠳᠦᠷᠰᠦ ᠪᠡᠷ: ᠾᠷᠢᠰᠲ᠋ᠣᠰ᠂ ᠾᠧᠪᠧᠢ᠂ ᠾᠧ ᠯᠦᠩ (ᠬᠦᠮᠦᠨ ᠦ ᠨᠡᠷ᠎ᠡ)᠂ ᠾᠧᠺᠲ᠋ᠠᠷ (ᠲᠠᠯᠠᠪᠠᠢ ᠶᠢᠨ ᠨᠢᠭᠡᠴᠢ)᠃

ᠦᠭᠡ ᠶᠢᠨ ᠳᠣᠮᠳᠠ «᠊ᠾ᠊» ᠳᠦᠷᠰᠦ ᠪᠠᠷ: ᠺᠠᠯᠠᠾᠠᠷᠢ ᠴᠦᠯ᠂ ᠲᠧᠾᠷᠡᠨ(ᠬᠣᠲᠠ ᠶᠢᠨ ᠨᠡᠷ᠎ᠡ)᠂ ᠪᠠᠾᠠᠮᠠ(ᠤᠯᠤᠰ ᠤᠨ ᠨᠡᠷ᠎ᠡ)᠃

ᠦᠭᠡ ᠶᠢᠨ ᠠᠳᠠᠭ ᠲᠤ «᠊ᠾ» ᠳᠦᠷᠰᠦ ᠪᠠᠷ: ᠸᠧᠢᠢᠾ(ᠬᠦᠮᠦᠨ ᠦ ᠨᠡᠷ᠎ᠡ) ᠭᠡᠬᠦ ᠮᠡᠲᠦ᠃


ᠭᠤᠴᠢᠨ ᠨᠢᠭᠡᠳᠦᠭᠡᠷ ᠦᠰᠦᠭ ᡀ(lh) ᠭᠡᠢᠭᠦᠯᠦᠭᠴᠢ

ᠦᠭᠡ ᠶᠢᠨ ᠡᠬᠢᠨ ᠳᠦ «ᡀ᠊» ᠳᠦᠷᠰᠦ ᠪᠠᠷ: ᡀᠠᠰᠠ᠂ ᡀᠠᠰᠦ᠋ᠷᠦᠩ᠂ ᡀᠠᠵᠠᠪ᠂ ᡀᠠᠮᠤ᠂ ᡀᠠᠮᠤᠰᠦ᠋ᠷᠦᠩ᠂ ᡀᠠᠪᠠ᠃

ᠦᠭᠡ ᠶᠢᠨ ᠳᠣᠮᠳᠠ «᠊ᡀ᠊» ᠳᠦᠷᠰᠦ ᠪᠠᠷ: ᠰᠧᡀᠡᠵᠡᠪ᠂ ᠯᠠᡀᠠᠵᠠᠪ᠂ ᠨᠤᠷᠠᡀᠠᠵᠠᠪ᠃

ᠦᠭᠡ ᠶᠢᠨ ᠠᠳᠠᠭ ᠲᠤ «᠊ᡀ» ᠳᠦᠷᠰᠦ ᠪᠠᠷ: ᠰᠧᡀ ᠭᠡᠬᠦ ᠮᠡᠲᠦ᠃

«ᡀ» ᠭᠡᠢᠭᠦᠯᠦᠭᠴᠢ ᠨᠢ ᠭᠣᠣᠯᠳᠠᠭᠤ ᠲᠥᠪᠡᠳ ᠭᠠᠷᠤᠯᠲᠠᠢ ᠵᠢᠭᠡᠯᠡᠭᠡ ᠦᠭᠡ ᠶᠢ ᠲᠡᠮᠳᠡᠭᠯᠡᠬᠦ ᠳᠦ ᠬᠡᠷᠡᠭᠯᠡᠭᠳᠡᠳᠡᠭ ᠶᠣᠮ᠃


ᠣᠷᠴᠢᠨ ᠴᠠᠭ ᠤᠨ ᠮᠣᠩᠭᠣᠯ ᠪᠢᠴᠢᠭ᠌ ᠦᠨ ᠬᠡᠯᠡᠨ ᠳᠦ ᠳᠡᠭᠡᠷᠡᠬᠢ ᠡᠭᠡᠰᠢᠭ᠌᠂ ᠭᠡᠢᠭᠦᠯᠦᠭᠴᠢ ᠦᠰᠦᠭ ᠡᠴᠡ ᠭᠠᠳᠠᠨ᠎ᠠ᠂ ᠪᠠᠰᠠ ᠲᠤᠰᠬᠠᠢᠯᠠᠨ ᠬᠢᠲᠠᠳ ᠬᠡᠯᠡᠡ ᠦ ᠵᠠᠷᠢᠮ ᠠᠪᠢᠶ᠎ᠠ ᠶᠢ ᠲᠡᠮᠳᠡᠭᠯᠡᠬᠦ ᠳᠦ ᠵᠣᠷᠢᠭᠤᠯᠤᠭᠳᠠᠭᠰᠠᠨ «ᠡᠯ»᠂ «ᡁᠢ»᠂ «ᠱᠢ»᠂ «ᠿᠢ»᠂ «ᠰᠧ»᠂ «ᠢᠦᠢ»᠂ «ᠨᠢᠦᠢ»᠂ «ᠯᠢᠦᠢ» ᠵᠡᠷᠭᠡ ᠲᠡᠮᠳᠡᠭ ᠦᠰᠦᠭ ᠦᠳ ᠪᠠᠢᠳᠠᠭ ᠪᠢᠯᠡ᠃ ᠵᠢᠱᠢᠶᠡᠯᠡᠪᠡᠯ: ᠡᠯ ᠷᠧᠨ ᠲᠠᠢ (ᠨᠢᠭᠡ ᠵᠦᠢᠯ ᠦᠨ ᠵᠥᠴᠥᠭᠡ ᠶᠢᠨ ᠨᠡᠷᠡᠢᠳᠦᠯ) ᠰᠢᠦ ᡁᠢ᠂ ᡂᠢ ᠪᠢ ᠶᠢᠨ ᠪᠠᠢᠯᠳᠤᠭᠠᠨ᠂ ᠱᠢ ᠵᠢᠶᠠ ᠵᠤᠸᠠᠩ ᠬᠣᠲᠠ᠂ ᠿᠢ ᠲᠠᠨ ᠴᠡᠴᠡᠷᠯᠢᠭ᠌᠂ ᠰᠧ ᠮᠠ ᠴᠢᠶᠠᠨ᠂ ᠰᠢᠶᠠ ᠢᠦᠢ᠂ ᠨᠢᠦᠢ ᠸᠠ᠂ ᠯᠢᠦᠢᠱᠦᠨ (ᠭᠠᠵᠠᠷ ᠤᠨ ᠨᠡᠷ᠎ᠡ) ᠭᠡᠬᠦ ᠮᠡᠲᠦ᠃


ᠥᠪᠦᠷ ᠮᠣᠩᠭᠣᠯ ᠤᠨ ᠰᠤᠷᠭᠠᠨ ᠬᠦᠮᠦᠵᠢᠯ ᠤᠨ ᠭᠡᠪᠯᠡᠯ ᠤᠨ ᠬᠣᠷᠢᠶ᠎ᠠ ᠶᠢᠨ

«ᠳᠣᠮᠳᠠᠳᠤ ᠰᠤᠷᠭᠠᠭᠤᠯᠢ ᠶᠢᠨ ᠮᠣᠩᠭᠣᠯ ᠭᠡᠯᠡᠨ ᠵᠦᠢ ᠶᠢᠨ ᠣᠩᠰᠢᠬᠤ ᠪᠢᠴᠢᠭ᠌» ᠡᠴᠡ